《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠵᠢᠷᠭᠤᠳᠤᠭᠠᠷ ᠬᠡᠰᠡᠭ )

ᠤᠩᠰᠢᠭᠰᠠᠨ ᠤᠳᠠᠭ᠎ᠠ ᠄ 1223    ᠨᠡᠶᠢᠳᠡᠯᠡᠭᠰᠡᠨ ᠴᠠᠭ ᠄ 2016-07-28

                   ᠪᠤᠭᠤᠷᠴᠢ ᠲᠠᠢ ᠨᠥᠬᠥᠷᠯᠡᠪᠡ
     ᠲᠡᠮᠦᠵᠢᠨ ᠠᠩᠬ᠎ᠠ ᠤᠳᠠᠭ᠎ᠠ ᠠᠶᠤᠯ ᠡᠴᠠ ᠬᠡᠯᠳᠦᠷᠢᠵᠦ᠂ ᠭᠡᠷ ᠲᠡᠬᠡᠨ ᠬᠠᠷᠢᠭᠠᠳ ᠡᠬᠡ ᠬᠢᠭᠡᠳ ᠲᠡᠭᠦᠦ ᠨᠠᠷ ᠲᠠᠢ ᠪᠠᠨ ᠨᠡᠶᠢᠯᠡᠵᠦ᠂ ᠪᠤᠷᠬᠠᠨ ᠬᠠᠯᠳᠤᠨ ᠠᠭᠤᠯᠠᠨ ᠤ ᠦᠪᠦᠷ ᠲᠦ ᠨᠤᠳᠤᠭᠯᠠᠵᠤ ᠪᠠᠶᠢᠳᠠᠯ᠎ᠠ᠂ ᠲᠠᠶᠢᠴᠢᠭᠤᠳ ᠠᠷᠤ ᠡᠴᠠ ᠨᠢ ᠮᠦᠷᠳᠡᠨ ᠢᠷᠡᠵᠦ᠂ ᠨᠠᠢᠮᠠᠨ ᠰᠢᠷᠭ᠎ᠠ ᠠᠭᠳᠠ ᠶ᠋ᠢ ᠨᠢ ᠪᠤᠯᠢᠶᠠᠨ ᠠᠪᠠᠴᠢᠪᠠ᠃ ᠲᠡᠮᠦᠵᠢᠨ ᠬᠤᠶᠢᠨ᠎ᠠ ᠡᠴᠠ ᠨᠢ ᠨᠡᠬᠡᠮᠵᠢᠯᠡᠶ᠎ᠡ ᠭᠡᠵᠦ ᠪᠤᠳᠤᠭᠰᠠᠨ ᠪᠤᠯᠪᠠᠴᠤ ᠮᠣᠷᠢ ᠦᠭᠡᠢ ᠶᠠᠪᠠᠭᠠᠨ ᠬᠤᠴᠤᠷᠴᠠᠢ᠃ ᠪᠡᠯᠭᠦᠳᠡᠢ ᠠᠯᠠᠭᠰᠠᠨ ᠲᠠᠷᠪᠠᠭ᠎ᠠ ᠪᠠᠨ ᠤᠭᠤᠳᠤᠩ ᠬᠣᠩᠭᠤᠷ ᠮᠣᠷᠢᠨ ᠳ᠋ᠠᠭᠠᠨ ᠠᠴᠢᠵᠤ᠂ ᠨᠠᠷᠠᠨ ᠵᠢᠷᠭᠠᠬᠤ ᠠᠯᠳᠠ ᠪᠠᠷ ᠪᠤᠴᠠᠵᠤ ᠢᠷᠡᠪᠡ᠃ ᠲᠡᠮᠦᠵᠢᠨ ᠲᠠᠷᠪᠠᠭ᠎ᠠ ᠶ᠋ᠢ ᠨᠢ ᠪᠠᠭᠤᠯᠭᠠᠵᠤ ᠦᠭᠬᠦ ᠵᠠᠭᠤᠷ᠎ᠠ ᠨᠠᠢᠮᠠᠨ ᠰᠢᠷᠭ᠎ᠠ ᠠᠭᠳᠠ ᠪᠠᠨ ᠠᠯᠳᠠᠭᠰᠠᠨ ᠤᠴᠢᠷ ᠢ ᠪᠡᠯᠭᠦᠳᠡᠢ ᠳ᠋ᠦ ᠬᠡᠯᠡᠵᠡᠢ᠃ ᠪᠡᠯᠭᠦᠳᠡᠢ᠄《 ᠪᠢ ᠠᠷᠤ ᠡᠴᠠ ᠨᠢ ᠨᠡᠬᠡᠮᠵᠢᠯᠡᠶ᠎ᠡ ᠭᠡᠪᠡ᠃ ᠲᠡᠮᠦᠵᠢᠨ᠄《 ᠴᠢ ᠡᠭᠡᠭᠦᠯᠦᠨ ᠠᠪᠴᠢᠷᠠᠵᠤ ᠲᠡᠶᠢᠯᠬᠦ ᠦᠭᠡᠢ ᠪᠠᠶᠢᠬ᠎ᠠ᠂ ᠪᠢ ᠶᠠᠪᠤᠶ᠎ᠠ 》ᠭᠡᠪᠡ᠃ ᠲᠡᠮᠦᠵᠢᠨ ᠤᠭᠤᠳᠤᠩ ᠬᠣᠩᠭᠣᠷ ᠮᠣᠷᠢ ᠪᠠᠨ ᠤᠨᠤᠭᠠᠳ᠂ ᠡᠪᠡᠰᠦᠨ ᠤ ᠨᠠᠯᠤᠷᠬᠠᠢ ᠶ᠋ᠢ ᠲᠠᠭᠠᠵᠤ ᠭᠤᠷᠪᠠ ᠬᠣᠨᠣᠭ ᠶᠠᠪᠤᠭᠠᠳ ᠨᠢᠭᠡᠨ ᠰᠦᠷᠦᠭ ᠠᠳᠣᠭᠣ ᠶ᠋ᠢᠨ ᠲᠡᠷᠭᠡᠳᠡ ᠬᠦᠷᠪᠡ᠃ ᠠᠵᠢᠭᠯᠠᠪᠠᠰᠤ ᠨᠢᠭᠡᠨ ᠬᠦᠪᠡᠭᠦᠨ ᠨᠠᠮᠤᠭ᠎ᠠ ᠬᠦᠬᠦᠷ ᠪᠠᠷᠢᠭᠠᠳ ᠭᠡᠭᠦᠦ ᠪᠡᠨ ᠰᠠᠭᠠᠵᠤ ᠪᠠᠶᠢᠭ᠎ᠠ ᠬᠠᠷᠠᠭᠳᠠᠪᠠ᠃ ᠲᠡᠮᠦᠵᠢᠨ ᠲᠡᠷᠭᠡᠳᠡ ᠨᠢ ᠣᠴᠢᠵᠤ ᠮᠠᠨᠳᠦᠯᠡᠭᠡᠳ᠂ ᠨᠠᠢᠮᠠᠨ ᠰᠢᠷᠭ᠎ᠠ ᠠᠭᠳᠠ ᠶ᠋ᠢᠨ ᠢᠶ᠋ᠡᠨ ᠰᠤᠷᠠᠭ ᠢ ᠠᠰᠠᠭᠤᠪᠠ᠃ ᠲᠡᠷᠡ ᠬᠦᠪᠡᠭᠦᠨ᠄《 ᠦᠴᠦᠭᠡᠳᠦᠷ ᠨᠠᠢᠮᠠᠨ ᠰᠢᠷᠭ᠎ᠠ ᠠᠭᠳᠠ ᠶ᠋ᠢ ᠴᠢᠨᠢ ᠲᠠᠶᠢᠴᠢᠭᠤᠳ ᠡᠭᠦᠪᠡᠷ ᠲᠠᠭᠤᠵᠤ ᠭᠠᠷᠪᠠ᠂ ᠪᠢ ᠪᠤᠯ ᠠᠷᠠᠯᠠᠳ ᠤᠨ ᠨᠠᠠᠠᠤ ᠪᠠᠶᠠᠨ ᠤ ᠬᠦᠪᠡᠭᠦᠨ ᠪᠤᠭᠤᠷᠴᠢ ᠭᠡᠳᠡᠭ᠃ ᠬᠣᠶᠠᠭᠤᠯᠠ ᠬᠠᠮᠳᠤ ᠶᠠᠪᠤᠵᠤ ᠪᠤᠴᠠᠭᠠᠨ ᠠᠪᠴᠢᠷᠠᠶ᠎ᠠ 》ᠭᠡᠪᠡ᠃ ᠲᠡᠭᠡᠭᠡᠳ ᠤᠭᠤᠳᠤᠩ ᠬᠣᠩᠭᠣᠷ ᠮᠤᠷᠢ ᠶ᠋ᠢ ᠨᠢ ᠲᠠᠯᠪᠢᠭᠤᠯᠵᠤ᠂ ᠤᠷᠤᠭ ᠰᠢᠩᠬᠤᠯᠠ ᠮᠤᠷᠢ ᠪᠠᠨ ᠲᠡᠮᠦᠵᠢᠨ ᠳ᠋ᠦ ᠪᠠᠷᠢᠵᠤ ᠤᠨᠤᠭᠤᠯᠤᠭᠠᠳ᠂ ᠦᠪᠡᠷ ᠢᠶ᠋ᠡᠨ ᠠᠳᠤᠭᠤᠨ ᠰᠦ᠋ᠷᠦᠭ ᠦᠨ ᠲᠤᠳᠤᠷ᠎ᠠ ᠡᠴᠠ ᠬᠤᠷᠳᠤᠨ ᠬᠤᠸᠠ ᠮᠤᠷᠢ ᠪᠠᠨ ᠪᠠᠷᠢᠵᠤ ᠤᠨᠤᠭᠠᠳ᠂ ᠭᠡᠷ ᠲᠡᠬᠡᠨ  ᠬᠠᠷᠢᠯ ᠦᠭᠡᠢ ᠪᠡᠷ ᠬᠠᠮᠳᠤ ᠶᠠᠪᠤᠪᠠ᠃ ᠲᠡᠳᠡᠨ ᠲᠠᠶᠢᠴᠢᠭᠤᠳ ᠤᠨ ᠮᠥᠷ ᠢ ᠮᠦᠰᠭᠢᠨ ᠭᠤᠷᠪᠠ ᠬᠤᠨᠤᠭ ᠶᠠᠪᠤᠵᠤ ᠪᠠᠶᠢᠳᠠᠯ᠎ᠠ ᠨᠢᠭᠡᠨ ᠶᠡᠬᠡ ᠬᠦᠷᠢᠶ᠎ᠡ ᠶ᠋ᠢᠨ ᠴᠠᠭᠠᠨ᠎ᠠ ᠨᠠᠢᠮᠠᠨ ᠰᠢᠷᠭ᠎ᠠ ᠠᠳᠤᠭᠤ ᠨᠢ ᠪᠡᠯᠴᠢᠵᠦ ᠪᠠᠶᠢᠵᠠᠢ᠃
    ᠲᠡᠮᠦᠵᠢᠨ᠄《 ᠠᠨᠳᠠ ᠮᠢᠨᠢ᠂ ᠴᠢ ᠮᠣᠷᠢ ᠪᠠᠨ ᠪᠠᠷᠢᠭᠠᠳ ᠵᠣᠭᠰᠤᠵᠤ ᠪᠠᠶᠢᠭᠠᠷᠠᠢ᠂ ᠪᠢ ᠶᠠᠪᠤᠵᠤ ᠨᠠᠢᠮᠠᠨ ᠰᠢᠷᠭ᠎ᠠ ᠠᠭᠳᠠ ᠪᠠᠨ ᠲᠠᠭᠤᠵᠤ ᠢᠷᠡᠶ᠎ᠡ 》ᠭᠡᠪᠡ᠃ ᠪᠤᠭᠤᠷᠴᠢ᠄《 ᠪᠢ ᠴᠢᠮᠠᠳᠤ ᠨᠦᠬᠦᠷ ᠪᠤᠯᠵᠤ ᠢᠷᠡᠭᠡᠳ ᠡᠨᠳᠡ ᠶᠠᠭᠠᠬᠢᠵᠤ ᠦᠯᠡᠳᠡᠨ᠎ᠡ 》ᠭᠡᠵᠦ ᠬᠡᠯᠡᠭᠡᠳ ᠴᠤᠭᠭᠠᠷ ᠲᠣᠪᠳᠤᠯᠤᠨ ᠤᠷᠤᠵᠤ᠂ ᠨᠠᠢᠮᠠᠨ ᠰᠢᠷᠭ᠎ᠠ ᠠᠭᠳᠠ ᠪᠠᠨ ᠬᠦᠭᠡᠭᠡᠪᠡ᠃ ᠠᠳᠤᠭᠤ ᠬᠠᠷᠠᠵᠤ ᠪᠠᠶᠢᠭᠰᠠᠨ ᠨᠢᠭᠡᠨ ᠤᠯᠠᠭᠠᠨ ᠲᠡᠪᠡᠯ ᠲᠠᠢ ᠴᠠᠭᠠᠨ ᠮᠤᠷᠢ ᠲᠠᠢ ᠬᠦᠮᠦᠨ ᠠᠷᠤ ᠡᠴᠠ ᠨᠢ ᠨᠡᠬᠡᠵᠦ ᠢᠷᠡᠪᠡ᠃ ᠪᠤᠭᠤᠷᠴᠢ᠄《 ᠨᠦᠬᠦᠷ ᠴᠢ ᠨᠤᠮᠤ ᠪᠠᠨ ᠨᠠᠳᠠ ᠦᠭ᠂ ᠪᠢ ᠬᠠᠷᠪᠤᠯᠳᠤᠶ᠎ᠠ 》ᠭᠡᠪᠡ᠃ ᠲᠡᠮᠦᠵᠢᠨ᠄《 ᠮᠢᠨᠤ ᠲᠦᠯᠦᠭᠡ ᠴᠢ ᠡᠨᠳᠡᠭᠦᠵᠡᠢ᠂ ᠪᠢ ᠦᠪᠡᠷ ᠢᠶ᠋ᠡᠨ ᠬᠠᠷᠪᠤᠯᠳᠤᠶ᠎ᠠ 》ᠭᠡᠳ ᠨᠤᠮᠤ ᠪᠠᠨ ᠠᠪᠴᠤ ᠲᠡᠷᠡ ᠬᠦᠮᠦᠨ ᠢ ᠬᠠᠷᠪᠤᠨ ᠤᠨᠠᠭᠠᠪᠠ᠃ ᠲᠡᠭᠦᠨ ᠤ ᠬᠠᠨᠢ ᠬᠠᠮᠰᠠᠭᠠᠳᠠᠨ ᠨᠢ ᠣᠪᠤᠩ ᠴᠣᠪᠤᠩ ᠨᠡᠬᠡᠵᠦ ᠢᠷᠡᠭᠰᠡᠨ ᠪᠤᠯᠪᠠᠴᠤ ᠨᠠᠷᠠᠨ ᠵᠢᠷᠭᠠᠭᠠᠳ᠂ ᠪᠦᠷᠦᠢ ᠲᠠᠰᠤᠷᠠᠵᠤ᠂ ᠬᠠᠷᠠᠩᠭᠤᠢ ᠪᠤᠯᠤᠭᠰᠠᠨ ᠲᠤᠯᠠ ᠪᠤᠴᠠᠨ ᠶᠠᠪᠤᠵᠠᠭᠠᠪᠠ᠃ ᠲᠡᠨᠳᠡᠴᠡ ᠲᠡᠮᠦᠵᠢᠨ᠂ ᠪᠤᠭᠤᠷᠴᠢ ᠬᠣᠶᠠᠭᠤᠯᠠ ᠭᠤᠷᠪᠠᠨ ᠰᠦᠨᠢ ᠭᠤᠷᠪᠠᠨ ᠡᠳᠦᠷ ᠲᠠᠪᠬᠢᠭᠠᠳ ᠨᠠᠠᠠᠤ ᠪᠠᠶᠠᠨ ᠤ ᠭᠡᠷ ᠦᠨ ᠣᠶᠢᠷ᠎ᠠ ᠬᠦᠷᠴᠦ ᠢᠷᠡᠵᠡᠢ᠃ ᠲᠡᠮᠦᠵᠢᠨ᠄《 ᠠᠨᠳᠠ ᠮᠢᠨᠢ ᠴᠢ ᠲᠤᠰᠠᠯᠠᠭᠰᠠᠨ ᠦᠭᠡᠢ ᠪᠤᠯ ᠪᠢ ᠨᠠᠢᠮᠠᠨ ᠰᠢᠷᠭ᠎ᠠ ᠠᠭᠳᠠ ᠪᠠᠨ ᠣᠯᠵᠤ ᠠᠪᠴᠤ ᠴᠢᠳᠠᠬᠤ ᠦᠭᠡᠢ ᠪᠠᠶᠢᠭᠰᠠᠨ᠂ ᠴᠢ ᠬᠡᠳᠦ ᠶ᠋ᠢ ᠠᠪᠬᠤ ᠪᠤᠢ 》ᠭᠡᠵᠦ ᠠᠰᠠᠭᠤᠪᠠ᠃ ᠪᠤᠭᠤᠷᠴᠢ᠄《 ᠨᠠᠠᠠᠤ ᠪᠠᠶᠠᠨ ᠤ ᠭᠠᠭᠴᠠ ᠬᠦᠪᠡᠭᠦᠨ ᠪᠤᠯᠤᠭᠰᠠᠨ ᠨᠠᠳᠠᠳᠤ ᠡᠴᠢᠭᠡ ᠶ᠋ᠢᠨ ᠬᠤᠷᠢᠶᠠᠭᠰᠠᠨ ᠬᠦᠷᠦᠩᠭᠡ ᠡᠯᠪᠡᠭ ᠬᠦᠷᠦᠨ᠎ᠡ᠃ ᠪᠢ ᠰᠠᠶᠢᠨ ᠨᠦᠬᠦᠷ ᠴᠢᠮᠠᠢᠢ ᠲᠦᠪᠡᠭᠳᠡᠵᠦ ᠶᠠᠪᠤᠬᠤ ᠳ᠋ᠤ ᠴᠢᠨᠢ ᠲᠤᠰᠠ ᠪᠤᠯᠤᠶ᠎ᠠ ᠭᠡᠵᠦ ᠬᠠᠨᠢᠯᠠᠨ ᠶᠠᠪᠤᠭᠰᠠᠨ ᠪᠢᠯᠡ᠂ ᠪᠢ ᠣᠯᠵᠠ ᠶ᠋ᠢ ᠡᠷᠢᠭᠰᠡᠨ ᠦᠭᠡᠢ 》ᠭᠡᠪᠡ᠃ ᠲᠡᠮᠦᠵᠢᠨ ᠪᠤᠭᠤᠷᠴᠢ ᠬᠣᠶᠠᠭᠤᠯᠠ ᠭᠡᠷ ᠲᠡᠬᠡᠨ ᠬᠦᠷᠦᠭᠰᠡᠨ ᠳ᠋ᠦ᠂ ᠨᠠᠠᠠᠤ ᠪᠠᠶᠠᠨ ᠬᠦᠪᠡᠭᠦᠨ ᠢᠶ᠋ᠡᠨ ᠦᠵᠡᠭᠡᠳ᠂ ᠵᠦᠪ ᠬᠠᠨᠳᠤᠨ ᠢᠨᠢᠶᠡᠵᠦ᠂ ᠪᠤᠷᠤᠭᠤ ᠬᠠᠨᠳᠤᠨ ᠣᠬᠢᠯᠠᠭᠠᠳ᠄《 ᠬᠦᠦ ᠮᠢᠨᠢ ᠴᠢ ᠬᠠᠮᠢᠭ᠎ᠠ ᠶᠠᠪᠤᠭᠠᠳ ᠢᠷᠡᠪᠡ 》ᠭᠡᠵᠦ ᠠᠰᠠᠭᠤᠪᠠ᠃ ᠪᠣᠭᠣᠷᠴᠢ᠄ 《 ᠲᠡᠮᠦᠵᠢᠨ ᠠᠨᠳᠠ ᠨᠠᠢᠮᠠᠨ ᠰᠢᠷᠭ᠎ᠠ ᠠᠭᠲᠠ ᠪᠠᠨ ᠠᠯᠳᠠᠭᠠᠳ ᠮᠣᠩᠭᠢᠨᠠᠵᠤ ᠪᠠᠶᠢᠬᠤ ᠳ᠋ᠤ ᠪᠢ ᠨᠦᠬᠦᠷᠯᠡᠨ ᠶᠠᠪᠤᠭᠰᠠᠨ ᠶᠤᠮ 》 ᠭᠡᠪᠡ᠃
     ᠨᠠᠬᠤ ᠪᠠᠶᠠᠨ᠄ 《 ᠡᠷ᠎ᠡ ᠬᠦᠮᠦᠨ ᠡᠷ᠎ᠡ ᠬᠦᠮᠦᠨ ᠳ᠋ᠡᠭᠡᠨ ᠲᠤᠰᠠᠯᠠᠵᠤ ᠶᠠᠪᠤᠬᠤ ᠨᠢ ᠲᠤᠩ ᠵᠦᠢᠲᠡᠢ᠂ ᠲᠠ ᠬᠣᠶᠠᠭᠣᠯᠠ ᠬᠣᠶᠢᠰᠢᠳᠠ ᠰᠠᠶᠢᠬᠠᠨ ᠨᠦᠬᠦᠷᠯᠡᠵᠦ ᠶᠠᠪᠤᠭᠠᠷᠠᠢ᠂ ᠪᠡᠶ᠎ᠡ ᠪᠡᠶ᠎ᠡ ᠪᠡᠨ ᠪᠦᠦ ᠬᠠᠶᠠ 》 ᠭᠡᠵᠦ ᠰᠤᠷᠭᠠᠪᠠ᠃ ᠲᠡᠭᠡᠭᠡᠳ ᠲᠡᠮᠦᠵᠢᠨ ᠳ᠋ᠦ ᠲᠠᠷᠭᠤᠨ ᠬᠤᠷᠠᠭ᠎ᠠ ᠠᠯᠠᠵᠤ ᠵᠣᠴᠢᠯᠠᠭᠠᠳ ᠦᠳᠡᠨ ᠮᠣᠷᠳᠠᠭᠤᠯᠪᠠ᠃
ᠲᠡᠮᠦᠵᠢᠨ ᠭᠡᠷ ᠲᠡᠭᠡᠨ ᠢᠷᠡᠭᠰᠡᠨ ᠦ ᠳᠠᠷᠠᠭ᠎ᠠ᠂ ᠪᠣᠭᠣᠷᠴᠢ ᠲᠠᠢ ᠨᠦᠬᠦᠷᠯᠡᠶ᠎ᠡ ᠭᠡᠵᠦ ᠪᠡᠯᠭᠦᠳᠡᠢ ᠶ᠋ᠢ ᠶᠠᠪᠤᠭᠤᠯᠤᠨ ᠤᠷᠢᠪᠠ᠃ ᠪᠡᠯᠭᠦᠳᠡᠢ ᠶ᠋ᠢ ᠬᠦᠷᠦᠮᠡᠭᠴᠡ᠂ ᠪᠣᠭᠣᠷᠴᠢ ᠡᠴᠢᠭᠡ ᠳ᠋ᠡᠭᠡᠨ ᠬᠡᠯᠡᠭᠰᠡᠨ ᠦᠭᠡᠢ ᠪᠡᠷ ᠪᠦᠭᠲᠦᠷ ᠬᠣᠩᠭᠣᠷ ᠮᠣᠷᠢ ᠪᠠᠨ ᠤᠨᠤᠭᠠᠳ ᠪᠡᠯᠭᠦᠳᠡᠢ ᠲᠠᠢ ᠬᠠᠮᠲᠦ ᠢᠷᠡᠪᠡ᠃ 1206 ᠣᠨ ᠳ᠋ᠤ ᠲᠡᠮᠦᠵᠢᠨ᠂ ᠴᠢᠩᠭᠢᠰ ᠬᠠᠭᠠᠨ ᠡᠷᠭᠦᠮᠵᠢᠯᠡᠭᠳᠡᠭᠰᠡᠨ ᠦ ᠳᠠᠷᠠᠭ᠎ᠠ᠂ ᠪᠣᠭᠣᠷᠴᠢ ᠶ᠋ᠢ ᠪᠠᠭ᠎ᠠ ᠨᠠᠰᠣᠨ ᠡᠴᠠ ᠨᠦᠬᠦᠷᠯᠡᠭᠰᠡᠨ ᠳᠣᠲᠣᠨᠣ ᠠᠨᠳᠠ ᠭᠡᠵᠦ ᠣᠯᠠᠨ ᠲᠦᠰᠢᠮᠡᠳ ᠡᠴᠡ ᠣᠨᠴᠠᠯᠠᠵᠤ᠂ ᠳᠦᠷᠪᠡᠨ ᠬᠦᠯᠦᠭ ᠦᠨ ᠢᠶ᠋ᠡᠨ ᠲᠡᠷᠢᠭᠦᠨ ᠬᠦᠯᠦᠭ ᠪᠣᠯᠭᠠᠭᠰᠠᠨ ᠪᠦᠭᠡᠳ ᠲᠦᠮᠡᠲᠦ ᠶ᠋ᠢᠨ ᠨᠣᠶᠠᠨ ᠡᠷᠭᠦᠮᠵᠢᠯᠡᠵᠦ᠂ ᠪᠠᠷᠠᠭᠤᠨ ᠲᠦᠮᠡᠨ ᠢᠶ᠋ᠡᠨ ᠵᠠᠬᠢᠷᠤᠭᠤᠯᠵᠠᠢ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ