ᠠᠯᠲᠠᠨ ᠵᠢᠭᠦᠷᠲᠠᠢ ᠴᠡᠭᠴᠡᠤᠬᠡᠢ

ᠤᠩᠰᠢᠭᠰᠠᠨ ᠤᠳᠠᠭ᠎ᠠ ᠄ 1420    ᠨᠡᠶᠢᠳᠡᠯᠡᠭᠰᠡᠨ ᠴᠠᠭ ᠄ 2016-07-26

     ᠠᠯᠲᠠᠨ ᠵᠢᠭᠦᠷᠲᠠᠢ ᠴᠡᠭᠴᠡᠤᠬᠡᠢ
     ᠠᠭᠠᠷ ᠡᠴᠠ ᠨᠠᠭᠠᠭᠤᠷ ᠵᠢᠷᠭᠢᠨ᠎ᠡ
     ᠠᠩᠭ᠎ᠠ ᠶ᠋ᠢᠨ ᠮᠢᠨᠢ ᠲᠦᠰᠢᠯᠭᠡ ᠨᠢ
     ᠠᠪᠤ᠋ ᠡᠵᠢ ᠬᠤᠶᠠᠷ ᠡ ᠬᠥ᠋
           ᠣᠷᠳᠦᠨ ᠵᠢᠭᠦᠷᠲᠠᠢ ᠴᠡᠭᠴᠡᠤᠬᠡᠢ
           ᠡᠭᠦᠯᠡᠨ ᠡᠴᠡ ᠨᠠᠭᠠᠭᠠᠤᠷ ᠵᠢᠷᠭᠢᠨ᠎ᠡ ᠳ᠋ᠠ ᠬᠥ᠋
           ᠥᠰᠬᠦ ᠯᠡ ᠮᠠᠨ ᠤ ᠲᠦᠰᠢᠯᠭᠡ ᠨᠢ
           ᠡᠵᠢ ᠠᠪᠤ᠋ ᠡ ᠬᠥ᠋
     ᠮᠥᠩᠭᠥᠨ ᠵᠢᠭᠦᠷᠲᠠᠢ ᠴᠡᠭᠴᠡᠤᠬᠡᠢ
     ᠮᠥᠷᠡᠨ ᠤ ᠳᠡᠭᠡᠭᠦᠷ ᠵᠢᠷᠭᠢᠨ᠎ᠡ ᠳ᠋ᠠ ᠬᠥ᠋
     ᠮᠥᠩᠬᠡ ᠶ᠋ᠢᠨ ᠮᠠᠨ ᠤ ᠲᠦᠰᠢᠯᠭᠡ ᠨᠢ
     ᠡᠵᠢ ᠠᠪᠤ᠋ ᠬᠤᠶᠠᠷ ᠡ ᠬᠥ᠋
           ᠤᠷᠤᠯᠳᠤᠬᠤ ᠮᠣᠷᠢᠨ ᠤ ᠲᠦᠰᠢᠯᠭᠡ
           ᠤᠶᠠᠭ᠎ᠠ ᠰᠣᠶᠢᠯᠭ᠎ᠠ ᠬᠤᠶᠠᠷ ᠳ᠋ᠠ ᠬᠥ᠋
           ᠤᠭ ᠤᠨ ᠮᠠᠨ ᠤ ᠲᠦᠰᠢᠯᠭᠡ ᠨᠢ
           ᠡᠵᠢ ᠠᠪᠤ᠋ ᠬᠤᠶᠠᠷ ᠡ ᠬᠥ᠋
     ᠪᠠᠷᠢᠯᠳᠤᠬᠤ ᠪᠦᠬᠡ ᠶ᠋ᠢᠨ ᠲᠦᠰᠢᠯᠭᠡ
     ᠪᠠᠷᠢᠭᠳᠠᠯ ᠵᠣᠳᠣᠭ ᠬᠤᠶᠠᠷ ᠳ᠋ᠠ ᠬᠥ᠋
     ᠪᠠᠭ᠎ᠠ ᠶ᠋ᠢᠨ ᠮᠠᠨ ‍ᠤ ᠲᠦᠰᠢᠯᠭᠡ ᠨᠢ
     ᠠᠪᠤ᠋ ᠡᠵᠢ ᠬᠤᠶᠠᠷ ᠡ ᠬᠥ᠋
           ᠠᠷᠪᠠᠨ ᠬᠠᠨᠠᠲᠦ ᠶ᠋ᠢᠨ ᠲᠦᠰᠢᠯᠭᠡ
           ᠠᠯᠲᠠᠨ ᠯᠤᠤ ᠲᠠᠢ ᠲᠤᠯᠭᠠᠭᠤᠷᠢ ᠳ᠋ᠠ ᠬᠥ᠋
           ᠠᠩᠬ᠎ᠠ ᠶ᠋ᠢᠨ ᠮᠠᠨ ᠤ ᠲᠦᠰᠢᠯᠭᠡ ᠨᠢ
           ᠠᠪᠤ᠋ ᠡᠵᠢ ᠬᠤᠶᠠᠷ ᠡ ᠬᠥ᠋
     ᠨᠠᠢᠮᠠᠨ ᠬᠠᠨᠠᠲᠦ ᠶ᠋ᠢᠨ ᠲᠦᠰᠢᠯᠭᠡ ᠨᠢ
     ᠨᠠᠷᠢᠨ ᠯᠤᠤ ᠲᠠᠢ ᠲᠤᠯᠭᠠᠭᠠᠤᠷᠢ ᠳ᠋ᠠ ᠬᠥ᠋
     ᠨᠢᠯᠬ᠎ᠠ ᠶ᠋ᠢᠨ ᠮᠠᠨ ᠤ ᠲᠦᠰᠢᠯᠭᠡ ᠨᠢ
     ᠡᠵᠢ ᠠᠪᠤ᠋ ᠬᠤᠶᠠᠷ ᠡ ᠬᠥ᠋᠃

         《 ᠮᠣᠩᠭᠣᠯ ᠠᠷᠠᠳ ‍ᠤᠨ ᠳᠠᠭᠤᠤ
            ᠳᠠᠪᠤᠨ ᠵᠠᠭᠤ 》ᠡᠴᠠ ᠬᠡᠰᠡᠭᠯᠡᠪᠡ᠃      

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠨᠳᠢᠨ