ᠴᠠᠭᠠᠨ ᠲᠤᠬᠤᠢ ᠨᠤᠲᠤᠭ

ᠤᠩᠰᠢᠭᠰᠠᠨ ᠤᠳᠠᠭ᠎ᠠ ᠄ 1141    ᠨᠡᠶᠢᠳᠡᠯᠡᠭᠰᠡᠨ ᠴᠠᠭ ᠄ 2016-07-26

     ᠴᠠᠭᠠᠨ ᠲᠣᠬᠤᠢ ᠨᠤᠲᠤᠭ ᠮᠢᠨᠢ ᠠ ᠬᠥ᠋ ᠬᠦᠭᠡᠷᠦᠬᠦᠢ
     ᠴᠠᠯ ᠪᠤᠭᠤᠷᠥᠯ ᠡᠵᠢ ᠯᠡ ᠮᠢᠨᠢ
     ᠴᠠᠭ ᠤᠨ ᠨᠢᠭᠡ ᠳᠤᠷᠠᠰᠤᠭᠠᠳ ᠠ ᠬᠥ᠋ ᠮᠡᠯᠮᠡᠷᠡᠭᠦᠯᠳᠡᠭ
     ᠡᠵᠢ ᠮᠢᠨᠢ ᠬᠦᠭᠡᠷᠦᠬᠦᠢ
     
     ᠡᠩᠭᠡᠷ ᠲᠣᠬᠤᠢ ᠨᠤᠲᠤᠭ ᠮᠢᠨᠢ ᠠ ᠬᠥ᠋ ᠬᠦᠭᠡᠷᠦᠬᠦᠢ
     ᠡᠮᠡᠭᠡᠨ ᠪᠤᠭᠤᠷᠤᠯ ᠡᠵᠢ ᠯᠡ ᠮᠢᠨᠢ
     ᠡᠳᠦᠷ ᠦᠨ ᠨᠢᠭᠡ ᠳᠤᠷᠠᠰᠤᠭᠠᠳ ᠤᠨ ᠬᠥ᠋ ᠮᠡᠯᠮᠡᠷᠡᠭᠦᠯᠳᠡᠭ
     ᠡᠵᠢ ᠮᠢᠨᠢ ᠬᠦᠭᠡᠷᠦᠬᠦᠢ
     
     ᠠᠷᠠᠯ ᠡᠴᠠ ᠪᠠᠨ ᠤᠶᠠᠭᠠᠲᠠᠢ
     ᠠᠯᠠᠭ ᠲᠣᠭᠣᠯ ᠮᠢᠨᠢ ᠬᠦᠭᠡᠷᠦᠬᠦᠢ
     ᠠᠶᠢᠯ ᠤᠨ ᠭᠠᠵᠠᠷ ᠢᠶᠡᠨ ᠦᠭᠭᠦᠭᠰᠡᠨ
     ᠬᠡᠦᠬᠡᠨ ᠦᠷ᠎ᠡ ᠮᠢᠨᠢ ᠬᠦᠭᠡᠷᠦᠬᠦᠢ
     
     ᠬᠦᠷᠳᠦᠨ ᠡᠴᠡ ᠪᠡᠨ ᠤᠶᠠᠭᠠᠲᠠᠢ
     ᠬᠥᠷᠡᠡᠭ ᠲᠤᠭᠤᠯ ᠮᠢᠨᠢ ᠬᠥᠭᠡᠷᠦᠬᠦᠢ
     ᠬᠥᠮᠥᠨ ᠤ ᠭᠠᠵᠠᠷ ᠢᠶᠡᠨ ᠦᠭᠭᠦᠭᠰᠡᠨ
     ᠬᠡᠦᠬᠡᠨ ᠦᠷ᠎ᠡ ᠮᠢᠨᠢ ᠬᠦᠭᠡᠷᠦᠬᠦᠢ᠃

                《 ᠮᠣᠩᠭᠣᠯ ᠠᠷᠠᠳ ‍ᠤᠨ ᠳᠠᠭᠤᠤ
                  ᠳᠠᠪᠤᠨ ᠵᠠᠭᠤ 》ᠡᠴᠠ ᠬᠡᠰᠡᠭᠯᠡᠪᠡ᠃      

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠨᠳᠢᠨ