ᠠᠯᠠᠭᠴᠢ ᠦᠨᠢᠶᠡᠨ ᠤ ᠰᠢᠮ᠎ᠡ

ᠤᠩᠰᠢᠭᠰᠠᠨ ᠤᠳᠠᠭ᠎ᠠ ᠄ 1201    ᠨᠡᠶᠢᠳᠡᠯᠡᠭᠰᠡᠨ ᠴᠠᠭ ᠄ 2016-07-23

     ᠠᠬᠢ ᠡᠪᠡᠰᠦᠨ ᠤ ᠵᠤᠵᠠᠭᠠᠨ ᠳ᠋ᠥ
     ᠠᠳᠤᠭᠤ ᠮᠠᠯ ᠢᠶᠡᠨ ᠲᠠᠯᠪᠢᠯ᠎ᠠ ᠳ᠋ᠠ
     ᠠᠯᠣᠰ ᠬᠤᠯᠠ ᠡᠴᠠ ᠢᠷᠡᠭᠰᠡᠨ ᠠᠪᠦᠭᠠᠢ ᠲᠠ ᠨᠠᠷ ᠮᠢᠨᠢ
     ᠠᠭᠠᠵᠢᠮᠬᠠᠨ ᠪᠠᠶᠢᠵᠤ ᠪᠠᠶᠢᠭᠠᠳ ᠵᠣᠭᠣᠭᠯᠠᠭᠠᠷᠠᠢ

     ᠬᠣᠩᠬᠤᠷ ᠵᠦᠯᠭᠡᠨ ᠤ ᠵᠤᠵᠠᠭᠠᠨ ᠳ᠋ᠥ
     ᠬᠣᠨᠢ ᠮᠠᠯ ᠢᠶᠡᠨ ᠲᠠᠯᠪᠢᠯ᠎ᠠ ᠳ᠋ᠠ
     ᠬᠤᠯᠠ ᠭᠠᠵᠠᠷ ᠡᠴᠠ ᠢᠷᠡᠭᠰᠡᠨ ᠠᠪᠦᠭᠠᠢ ᠲᠠ ᠨᠠᠷ ᠮᠢᠨᠢ
     ᠬᠤᠨᠳᠠᠭ᠎ᠠ ᠪᠠᠨ ᠪᠠᠷᠢᠨ ᠪᠠᠷᠢᠭᠰᠠᠭᠠᠷ ᠵᠣᠭᠣᠭᠯᠠᠭᠠᠷᠠᠢ

     ᠠᠯᠠᠭᠴᠢ ᠦᠨᠢᠶᠡᠨ ᠤ ᠰᠢᠮ᠎ᠡ ᠶᠤᠮ
     ᠠᠶᠢᠷᠠᠭ ᠲᠣᠭᠤᠭᠠᠨ ᠤ ᠮᠢᠨᠢ ᠰᠠᠷᠬᠤᠳ ᠶᠤᠮ
     ᠠᠯᠣᠰ ᠬᠤᠯᠠ ᠡᠴᠠ ᠢᠷᠡᠭᠰᠡᠨ ᠠᠪᠦᠭᠠᠢ ᠲᠠ ᠨᠠᠷ ᠮᠢᠨᠢ
     ᠠᠭᠠᠵᠢᠮᠬᠠᠨ ᠪᠠᠶᠢᠵᠤ ᠪᠠᠶᠢᠭᠠᠳ ᠵᠣᠭᠣᠭᠯᠠᠭᠠᠷᠠᠢ

     ᠬᠦᠷᠡᠭᠴᠢ ᠦᠨᠢᠶᠡᠨ ᠤ ᠮᠢᠨᠢ ᠰᠢᠮ᠎ᠡ ᠶᠤᠮ
     ᠬᠦᠷᠡᠯ ᠲᠣᠭᠤᠭᠠᠨ ᠤ ᠮᠢᠨᠢ ᠠᠷᠠᠵᠠ ᠶᠤᠮ
     ᠬᠦᠭᠡᠷᠦᠬᠦᠢ ᠬᠤᠯᠠ ᠡᠴᠠ ᠢᠷᠡᠭᠰᠡᠨ ᠠᠪᠦᠭᠠᠢ ᠲᠠ ᠨᠠᠷ ᠮᠢᠨᠢ
     ᠬᠡᠮ ‍ᠢᠶ᠋ᠡᠨ ᠡᠷᠭᠦᠭᠰᠡᠭᠡᠷ ᠬᠥᠨᠲᠦᠷᠥᠭᠡᠷᠡᠢ᠃


              《 ᠮᠣᠩᠭᠣᠯ ᠠᠷᠠᠳ ‍ᠤᠨ ᠳᠠᠭᠤᠤ

                ᠳᠠᠪᠤᠨ ᠵᠠᠭᠤ 》ᠡᠴᠠ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠨᠳᠢᠨ