ᠪᠣᠭᠳᠠ ᠴᠢᠩᠭᠢᠰ

ᠤᠩᠰᠢᠭᠰᠠᠨ ᠤᠳᠠᠭ᠎ᠠ ᠄ 927    ᠨᠡᠶᠢᠳᠡᠯᠡᠭᠰᠡᠨ ᠴᠠᠭ ᠄ 2016-07-23

     ᠪᠣᠭᠳᠠ ᠴᠢᠩᠭᠢᠰ ᠦᠨ ᠮᠢᠨᠢ ᠵᠣᠬᠢᠶᠠᠭᠰᠠᠨ
     ᠪᠦᠭᠦᠳᠡ ᠮᠣᠩᠭᠣᠯ ᠤᠨ ᠵᠠᠩ ᠵᠢᠷᠤᠮ
     ᠪᠤᠳᠤᠩ ᠲᠠᠢ ᠰᠠᠶᠢᠬᠠᠨ ᠰᠠᠷᠬᠤᠳ ᠢᠶᠡᠨ
     ᠪᠦᠭᠦᠳᠡ ᠣᠯᠠᠨ ᠢᠶᠠᠷ ᠢᠶᠡᠨ ᠢᠷᠦᠭᠡᠩᠬᠡᠨ ᠰᠥᠩᠨᠡᠶ᠎ᠡ
 
     ᠳᠠᠯᠠᠢ ᠴᠢᠩᠭᠢᠰ ᠦᠨ ᠮᠢᠨᠢ ᠵᠣᠬᠢᠶᠠᠭᠰᠠᠨ
     ᠳᠠᠶᠠᠭᠠᠷ ᠮᠣᠩᠭᠣᠯ ᠤᠨ ᠮᠢᠨᠢ ᠵᠠᠩ ᠵᠢᠷᠦᠮ
     ᠳᠠᠩᠴᠢ ᠰᠠᠶᠢᠠᠬᠨ ᠰᠠᠷᠬᠤᠳ ᠢᠶᠡᠨ
     ᠳᠠᠶᠠᠭᠠᠷ ᠪᠦᠭᠦᠳᠡᠭᠡᠷ ᠢᠶ᠋ᠡᠨ ᠢᠷᠦᠭᠡᠩᠬᠡᠨ ᠰᠥᠩᠨᠡᠶ᠎ᠡ
 
     ᠬᠠᠭᠠᠨ ᠴᠢᠩᠭᠢᠰ ᠦᠨ ᠮᠢᠨᠢ ᠵᠣᠬᠢᠶᠠᠭᠰᠠᠨ
     ᠬᠠᠮᠤᠭ ᠮᠣᠩᠭᠣᠯ ᠤᠨ ᠵᠠᠩ ᠵᠢᠷᠤᠮ
     ᠬᠤᠨᠳᠠᠭ᠎ᠠ ᠲᠠᠢ ᠰᠠᠶᠢᠬᠠᠨ ᠰᠠᠷᠬᠤᠳ ᠢᠶᠡᠨ
     ᠬᠠᠮᠤᠭ ᠣᠯᠠᠨ ᠢᠶᠠᠷ ᠢᠶᠡᠨ ᠡᠷᠭᠦᠨ ᠰᠥᠩᠨᠡᠶ᠎ᠡ
 
     ᠡᠵᠡᠨ ᠴᠢᠩᠭᠢᠰ ᠦᠨ ᠵᠣᠬᠢᠶᠠᠭᠰᠠᠨ
     ᠡᠳᠦᠭᠡ ᠮᠣᠩᠭᠣᠯ ᠤᠨ ᠵᠠᠩ ᠵᠢᠷᠦᠮ
     ᠡᠷᠴᠢᠮᠲᠠᠢ ᠰᠠᠶᠢᠠᠬᠨ ᠰᠠᠷᠬᠤᠳ ᠢᠶᠡᠨ
     ᠡᠩ ᠤᠯᠠᠨ ᠢᠶᠠᠷ ᠢᠶᠡᠨ ᠢᠷᠦᠭᠡᠩᠬᠡᠨ ᠰᠥᠩᠨᠡᠶ᠎ᠡ᠃


        《 ᠮᠣᠩᠭᠣᠯ ᠠᠷᠠᠳ ‍ᠤᠨ ᠳᠠᠭᠤᠤ

          ᠳᠠᠪᠤᠨ ᠵᠠᠭᠤ 》ᠡᠴᠠ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠨᠳᠢᠨ