《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠲᠠᠪᠤᠳᠤᠭᠠᠷ ᠬᠡᠰᠡᠭ )

ᠤᠩᠰᠢᠭᠰᠠᠨ ᠤᠳᠠᠭ᠎ᠠ ᠄ 1134    ᠨᠡᠶᠢᠳᠡᠯᠡᠭᠰᠡᠨ ᠴᠠᠭ ᠄ 2016-07-22

                ᠠᠩᠬ᠎ᠠ ᠤᠳᠠᠭ᠎ᠠ ᠠᠶᠤᠯ ᠡᠴᠠ ᠬᠡᠯᠲᠦᠷᠢᠪᠡ
     ᠦᠭᠡᠯᠥᠨ ᠡᠬᠡ᠂ ᠥᠨᠦᠴᠢᠨ ᠬᠣᠴᠣᠷᠤᠭᠰᠠᠨ ᠦᠷ᠎ᠡ ᠬᠡᠦᠬᠡᠳ ᠢᠶ᠋ᠡᠨ ᠳᠠᠭᠠᠭᠤᠯᠵᠤ᠂ ᠣᠨᠤᠨ ᠮᠦᠷᠡᠨ ᠢ ᠦᠭᠰᠦᠨ ᠤᠷᠤᠭᠤᠳᠠᠨ ᠨᠡᠭᠦᠳᠡᠯᠡᠭᠡᠳ᠂ ᠠᠷᠠᠢ ᠴᠠᠷᠠᠢ ᠠᠮᠢ ᠵᠠᠭᠤᠨ ᠠᠮᠢᠳᠤᠷᠠᠵᠤ ᠪᠠᠶᠢᠲᠠᠯ᠎ᠠ᠂ ᠲᠠᠶᠢᠴᠢᠭᠤᠳ ᠠᠶᠢᠮᠠᠭ ᠤᠨ ᠲᠠᠷᠭᠤᠳᠠᠢ ᠬᠢᠷᠢᠯᠳᠤᠭ ᠰᠢᠳᠠᠷ ᠨᠥᠬᠦᠳ ᠢᠶ᠋ᠡᠨ ᠳᠠᠭᠠᠭᠤᠯᠵᠤ᠂ ᠦᠭᠡᠯᠥᠨ ᠤ ᠬᠦᠪᠡᠭᠦᠨ ᠥᠰᠪᠡ ᠭᠡᠵᠤ ᠳᠣᠪᠲᠤᠯᠤᠷ᠎ᠠ ᠢᠷᠡᠪᠡ᠃ ᠲᠡᠳᠡ ᠡᠴᠡ ᠠᠶᠤᠵᠤ ᠥᠭᠡᠯᠥᠨ ᠥᠵᠢᠨ᠂ ᠬᠦᠪᠡᠭᠦᠳ  ᠲᠠᠢ ᠪᠡᠨ ᠬᠠᠮᠲᠦ ᠣᠨᠤᠨ ᠮᠦᠷᠡᠨ ᠦ ᠣᠢ ᠰᠢᠭᠤᠢ ᠳ᠋ᠤ ᠳᠤᠲᠠᠭᠠᠨ ᠣᠷᠣᠪᠠ᠃ ᠪᠡᠯᠭᠦᠳᠠᠢ ᠮᠣᠳᠦ ᠬᠣᠭᠤᠯᠵᠤ ᠰᠢᠪᠡᠭᠡ ᠪᠠᠷᠢᠪᠠ᠃ ᠬᠠᠰᠠᠷ ᠬᠠᠷᠪᠤᠨ ᠪᠠᠶᠢᠯᠳᠤᠵᠤ᠂ ᠬᠠᠴᠢᠭᠤᠨ᠂ ᠲᠡᠮᠦᠭᠡ᠂ ᠲᠡᠮᠡᠦᠯᠦᠨ ᠭᠤᠷᠪᠠ ᠶ᠋ᠢ ᠠᠭᠤᠯᠠᠨ ᠵᠠᠪᠠ ᠳ᠋ᠤ ᠨᠢᠭᠤᠵᠤ ᠪᠠᠶᠢᠬᠤ ᠳ᠋ᠤ ᠲᠠᠶᠢᠴᠢᠭᠤᠳ᠄ 《 ᠲᠡᠮᠦᠵᠢᠨ ᠢ ᠭᠠᠷᠭᠠᠵᠤ ᠥᠭ᠂ ᠪᠤᠰᠤᠳ ᠴᠢᠨᠢ ᠬᠡᠷᠡᠭ ᠦᠭᠡᠢ 》 ᠭᠡᠵᠤ ᠪᠠᠷᠬᠢᠷᠠᠪᠠ᠃ ᠥᠭᠡᠯᠥᠨ ᠡᠬᠡ ᠲᠡᠮᠦᠵᠢᠨ ᠢ ᠰᠡᠮᠡᠭᠡᠷ ᠪᠠᠯᠠᠷ ᠤᠢ ᠳ᠋ᠤ ᠰᠢᠷᠭᠤᠭᠤᠯᠵᠠᠢ᠃ ᠡᠭᠦᠨ ᠢ ᠲᠠᠶᠢᠴᠢᠭᠤᠳ ᠮᠡᠳᠡᠭᠡᠳ ᠬᠦᠷᠢᠶᠡᠯᠡᠨ ᠰᠠᠬᠢᠪᠠ᠃
      ᠲᠡᠮᠦᠵᠢᠨ ᠰᠢᠭᠤᠢ ᠳᠤᠲᠤᠷ᠎ᠠ ᠭᠤᠷᠪᠠ ᠬᠣᠨᠣᠵᠤ ᠤᠳᠦ ᠬᠠᠷᠢᠶ᠎ᠠ ᠭᠡᠵᠤ ᠮᠣᠷᠢ ᠪᠠᠨ ᠬᠦᠳᠦᠯᠵᠤ ᠶᠠᠪᠤᠬᠤ ᠳ᠋ᠤ ᠮᠣᠷᠢᠨ ᠤ ᠡᠮᠡᠭᠡᠯ ᠨᠢ ᠮᠤᠯᠲᠤᠷᠠᠨ ᠤᠨᠠᠵᠠᠢ᠃ ᠡᠷᠭᠢᠵᠦ ᠦᠵᠡᠪᠡᠯ ᠡᠮᠡᠭᠡᠯ ᠦᠨ ᠣᠯᠦᠡᠭ ᠬᠥᠮᠥᠯᠳᠥᠷᠭᠡ ᠬᠡᠪ ᠢᠶ᠋ᠡᠷ ᠪᠠᠶᠢᠲᠠᠯ᠎ᠠ ᠮᠤᠯᠲᠤᠷᠠᠭᠰᠠᠨ ᠠᠵᠢ᠃ ᠤᠯᠥᠩ ᠮᠤᠯᠳᠤᠷᠠᠵᠤ ᠪᠣᠯᠬᠤ ᠪᠣᠯᠪᠠᠴᠤ ᠂ ᠬᠥᠮᠥᠯᠳᠥᠷᠭᠡ ᠶᠠᠭᠠᠬᠢᠨ ᠮᠤᠯᠳᠤᠷᠠᠵᠤ ᠪᠣᠯᠬᠤ ᠪᠤᠢ᠂ ᠳᠡᠭᠷᠢ ᠢᠳᠬᠠᠵᠤ ᠪᠠᠶᠢᠭ᠎ᠠ ᠪᠣᠯᠪᠠᠦ᠂ ᠭᠡᠵᠤ ᠪᠤᠳᠣᠭᠠᠳ ᠪᠠᠰᠠ ᠭᠤᠷᠪᠠ ᠬᠤᠨᠤᠭ ᠬᠦᠯᠢᠶᠡᠪᠡ᠃ ᠳᠠᠬᠢᠨ ᠭᠠᠷᠬᠤ ᠪᠡᠷ ᠶᠠᠪᠤᠬᠤ ᠳ᠋ᠤ ᠰᠢᠭᠤᠢ ᠡᠴᠠ ᠭᠠᠷᠬᠤ ᠵᠠᠮ ᠢ ᠭᠡᠷ ᠦᠨ ᠴᠢᠨᠡᠬᠡᠨ ᠴᠠᠭᠠᠨ ᠴᠢᠯᠠᠭᠤ ᠪᠦᠭᠯᠡᠵᠢ᠃ 《 ᠳᠡᠭᠷᠢ ᠢᠳᠬᠠᠵᠤ ᠪᠠᠶᠢᠭ᠎ᠠ ᠪᠣᠯᠪᠠᠦ 》 ᠭᠡᠵᠤ ᠪᠤᠳᠤᠭᠠᠳ ᠪᠤᠴᠠᠵᠤ ᠪᠠᠰᠠ ᠭᠤᠷᠪᠠ ᠬᠤᠨᠤᠪᠠ᠃ ᠪᠦᠭᠦᠳᠡ ᠶᠢᠰᠦᠨ ᠬᠤᠨᠤᠭ ᠬᠣᠭᠣᠯᠠ ᠦᠭᠡᠢ ᠪᠠᠶᠢᠵᠤ 《 ᠡᠨᠡ ᠮᠡᠲᠦ ᠦᠯᠪᠡᠷᠢᠵᠤ ᠦᠬᠦᠬᠦ ᠪᠡᠷ ᠢᠶ᠋ᠡᠨ ᠭᠠᠷᠤᠶ᠎ᠠ 》 ᠭᠡᠳ ᠵᠠᠮ ᠪᠥᠭᠯᠡᠨ ᠤᠨᠠᠭᠰᠠᠨ ᠭᠡᠷ ᠦᠨ ᠴᠢᠨᠡᠭᠡ ᠴᠠᠭᠠᠨ ᠴᠢᠯᠠᠭᠤ ᠶ᠋ᠢ ᠲᠤᠭᠤᠷᠢᠨ ᠭᠠᠷᠤᠭᠠᠳ ᠮᠣᠷᠢ ᠪᠠᠨ ᠬᠥᠳᠥᠯᠦᠨ ᠶᠠᠪᠤᠵᠤ ᠪᠠᠶᠢᠲᠠᠯ᠎ᠠ ᠲᠠᠶᠢᠴᠢᠭᠤᠳ ᠪᠠᠷᠢᠵᠤ ᠠᠪᠤᠪᠠ᠃ ᠲᠡᠮᠦᠵᠢᠨ ᠢ ᠲᠠᠷᠭᠤᠳᠠᠢ ᠬᠢᠷᠢᠯᠳᠤᠭ ᠪᠠᠷᠢᠵᠤ ᠠᠪᠠᠴᠢᠭᠠᠳ ᠭᠠᠷ ᠲᠦ᠋ᠨᠢ ᠭᠠᠪᠠ ᠭᠢᠨᠵᠢ ᠵᠡᠭᠦᠯᠭᠡᠨ ᠠᠶᠢᠯ ᠪᠦᠷᠢ ᠳ᠋ᠦ ᠨᠢᠭᠡ ᠬᠤᠨᠤᠭᠤᠯᠵᠤ ᠬᠡᠰᠦᠭᠦᠯᠦᠨ ᠶᠠᠪᠤᠭᠤᠯᠪᠠ᠃ ᠵᠤᠨ ᠤ ᠲᠡᠷᠢᠭᠦᠨ ᠰᠠᠷ᠎ᠠ ᠶ᠋ᠢᠨ ᠠᠷᠪᠠᠨ ᠵᠢᠷᠭᠤᠭᠠᠨ ᠤ ᠲᠡᠷᠭᠡᠯ ᠡᠳᠦᠷ᠂ ᠲᠠᠶᠢᠴᠢᠭᠤᠳ ᠣᠨᠣᠨ ᠮᠦᠷᠡᠨ ᠦ ᠬᠦᠪᠡᠭᠡ ᠳ᠋ᠦ ᠨᠠᠷᠠᠨ ᠰᠢᠩᠭᠡᠭᠡᠲᠡᠯ᠎ᠡ ᠬᠣᠷᠢᠮᠯᠠᠪᠠ᠃ ᠲᠡᠷᠡ ᠬᠣᠷᠢᠮ ᠤᠨ ᠦᠶ᠎ᠡ ᠳ᠋ᠦ ᠲᠡᠮᠦᠵᠢᠨ ᠢ ᠨᠢᠭᠡᠨ ᠳᠣᠷᠤᠢ ᠬᠡᠦᠬᠡᠳ ᠢᠶ᠋ᠡᠷ ᠰᠠᠬᠢᠭᠤᠯᠵᠠᠢ᠃ ᠬᠣᠷᠢᠮ ᠤᠨ ᠬᠦᠮᠦᠰ ᠢ ᠲᠠᠷᠬᠠᠮᠠᠭᠴᠠ᠂ ᠲᠡᠷᠡ ᠬᠡᠦᠭᠳ ᠢ ᠲᠤᠯᠤᠭᠠᠢ ᠶ᠋ᠢ ᠭᠢᠨᠵᠢ ᠪᠡᠷ ᠢᠶ᠋ᠡᠨ ᠴᠣᠬᠢᠵᠤ ᠣᠷᠬᠢᠭᠠᠳ᠂ ᠣᠨᠤᠨ ᠮᠦᠷᠡᠨ ᠦ ᠤᠷᠤᠰᠬᠠᠯ ᠤᠨ ᠬᠠᠵᠠᠭᠤ ᠳ᠋ᠡᠬᠢ ᠲᠣᠭᠲᠠᠮᠠᠯ ᠤᠰᠤᠨ ᠳ᠋ᠤ ᠣᠷᠣᠵᠤ ᠨᠢᠭᠤᠷ ᠢᠶᠡᠨ ᠢᠯᠠ ᠭᠠᠷᠭᠠᠨ᠂ ᠳᠡᠭᠡᠭᠰᠢ ᠬᠠᠨᠳᠤᠵᠤ ᠬᠡᠪᠲᠡᠪᠡ᠃ 《 ᠪᠠᠷᠢᠭᠳᠠᠭᠰᠠᠨ ᠬᠥᠮᠥᠨ ᠢ ᠠᠯᠳᠠᠪᠠ 》 ᠭᠡᠵᠤ ᠲᠡᠭᠦᠨ ᠢ ᠰᠠᠬᠢᠵᠤ ᠪᠠᠶᠢᠭᠰᠠᠨ ᠬᠥᠮᠥᠨ ᠶᠡᠬᠡ ᠳᠠᠭᠤᠨ ᠢᠶᠠᠷ ᠬᠠᠰᠬᠢᠷᠬᠤ ᠳ᠋ᠤ᠂ ᠲᠠᠷᠬᠠᠭᠰᠠᠨ ᠲᠠᠶᠢᠴᠢᠭᠤᠳ ᠴᠤᠭᠯᠠᠷᠠᠨ ᠢᠷᠡᠵᠤ ᠣᠨᠤᠨ ᠮᠦᠷᠡᠨ ᠦ ᠰᠢᠭᠤᠢ ᠶ᠋ᠢ ᠨᠡᠩᠵᠢᠨ ᠪᠠᠶᠢᠴᠠᠭᠠᠪᠠ᠃ ᠤᠰᠤᠨ ᠤ ᠳᠤᠲᠤᠷ᠎ᠠ ᠬᠡᠪᠲᠡᠵᠤ ᠪᠠᠶᠢᠭ᠎ᠠ ᠲᠡᠮᠦᠵᠢᠨ ᠢ ᠰᠦᠯᠳᠦᠰᠦᠨᠣ ᠰᠤᠷᠬᠠᠨ ᠰᠢᠷ᠎ᠠ ᠣᠯᠵᠤ ᠦᠵᠡᠭᠡᠳ᠄ 《 ᠣᠰᠤᠨ ᠳ᠋ᠤ ᠣᠷᠣᠮ ᠦᠭᠡᠢ᠂ ᠣᠭᠲᠠᠷᠭᠤᠢ ᠳ᠋ᠤ ᠮᠦᠷ ᠦᠭᠡᠢ ᠲᠤᠯᠠ ᠴᠢᠨᠦ ᠢᠩᠭᠢᠵᠦ ᠬᠡᠪᠲᠡᠬᠦ ᠴᠢᠨᠢ ᠵᠥᠪ ᠪᠠᠶᠢᠨ᠎ᠠ᠃ ᠴᠢ ᠡᠶᠢᠮᠦ ᠠᠷᠭ᠎ᠠ ᠲᠠᠢ ᠪᠦᠭᠡᠳ ᠨᠢᠭᠤᠷ ᠳᠡᠭᠡᠨ ᠭᠠᠯ ᠲᠠᠢ᠂ ᠨᠢᠳᠦᠨ ᠳ᠋ᠡᠬᠡᠨ ᠴᠣᠭᠲᠠᠢ ᠬᠥᠮᠥᠨ ᠲᠤᠯᠠ ᠲᠠᠶᠢᠴᠢᠭᠤᠳ ᠠᠲᠠᠭᠠᠷᠬᠠᠵᠤ ᠪᠠᠶᠢᠬᠤ ᠠᠵᠠᠢ᠃ ᠴᠢ ᠢᠩᠭᠡᠭᠡᠳ ᠬᠡᠪᠲᠡᠵᠦ ᠪᠠᠢ᠂ ᠪᠢ ᠴᠢᠮ᠎ᠠ ᠶ᠋ᠢ ᠬᠡᠯᠡᠵᠦ ᠥᠭᠬᠦ ᠦᠭᠡᠢ 》 ᠭᠡᠪᠡ᠃
      ᠲᠠᠶᠢᠴᠢᠭᠤᠳ ᠤᠳᠠᠳᠠᠯ᠎ᠠ ᠡᠷᠢᠭᠡᠳ ᠤᠯᠤᠠᠠᠰᠠᠠ ᠦᠭᠡᠢ  ᠲᠤᠯᠠ ᠳᠠᠬᠢᠵᠤ ᠶᠠᠭᠠᠬᠢᠨ ᠡᠷᠢᠬᠦ ᠪᠡᠨ  ᠵᠦᠪᠯᠡᠯᠳᠦᠬᠦ ᠳ᠋ᠦ ᠰᠤᠷᠬᠠᠨ ᠰᠢᠷ᠎ᠠ ᠄ 《  ᠪᠢᠳᠠ ᠭᠡᠭᠡᠨ ᠴᠠᠭᠠᠨ ᠡᠳᠦᠷ ᠪᠦᠬᠦᠯᠢ ᠬᠥᠮᠥᠨ ᠢ ᠠᠯᠳᠠᠭᠠᠳ ᠤᠳᠣ ᠬᠠᠷᠠᠩᠭᠤᠢ ᠰᠦᠨᠢ ᠬᠡᠷᠬᠢᠨ ᠡᠷᠢᠵᠤ ᠣᠯᠬᠤ ᠪᠤᠢ᠂ ᠬᠥᠮᠥᠨ ᠪᠦᠷᠢ ᠢᠷᠡᠭᠰᠡᠨ ᠮᠦᠷ ᠢᠶ᠋ᠡᠷ ᠢᠶ᠋ᠡᠨ ᠳᠠᠬᠢᠨ ᠨᠢᠭᠡᠨ ᠤᠳᠠᠭ᠎ᠠ ᠡᠷᠢᠵᠤ ᠲᠠᠷᠬᠠᠭᠠᠳ ᠮᠠᠷᠭᠠᠰᠢ ᠴᠣᠡᠨᠯᠠᠷᠠᠵᠦ ᠡᠷᠢᠶ᠎ᠡ᠃ ᠲᠡᠷᠡ ᠲᠦᠩᠭᠡ ᠲᠠᠢ ᠬᠥᠮᠥᠨ ᠬᠠᠮᠢᠭ᠎ᠠ ᠬᠣᠯᠠᠳᠬᠤ ᠪᠤᠢ 》 ᠭᠡᠪᠡ᠃ ᠪᠦᠭᠦᠳᠡᠭᠡᠷ ᠢᠶ᠋ᠡᠨ ᠵᠥᠪᠰᠢᠶᠡᠷᠡᠵᠦ᠂ 《 ᠵᠠ 》 ᠭᠡᠳ ᠪᠤᠴᠠᠵᠤ ᠶᠠᠪᠤᠵᠠᠭᠠᠪᠠ᠃  ᠰᠤᠷᠬᠠᠨ ᠰᠢᠷ᠎ᠠ ᠪᠠᠰᠠ ᠲᠡᠮᠤᠵᠢᠨ ᠤ ᠳᠡᠷᠭᠡᠳᠡ ᠢᠷᠡᠭᠡᠳ᠄ 《 ᠪᠢᠳᠡᠨ ᠢ ᠲᠠᠷᠬᠠᠭᠰᠠᠭᠠᠷ ᠡᠬᠡ ᠪᠠ ᠳᠡᠭᠦᠤ ᠨᠠᠷ ᠢᠶᠡᠨ ᠡᠷᠢᠬᠦ ᠪᠡᠷ ᠶᠠᠪᠤ᠋᠃ ᠬᠡᠷᠪᠡ ᠬᠥᠮᠥᠨ ᠲᠣᠬᠢᠶᠠᠯᠳᠤᠪᠠᠯ ᠨᠠᠮᠠᠶᠢ ᠦᠵᠡᠪᠡ ᠭᠡᠵᠤ ᠪᠣᠤ ᠬᠡᠯᠡ 》 ᠭᠡᠳ ᠪᠤᠴᠠᠭᠠᠪᠠ᠃ ᠲᠡᠳᠡᠨ ᠢ ᠲᠠᠷᠬᠠᠮᠠᠭᠴᠠ ᠲᠡᠮᠦᠵᠢᠨ᠂ 《 ᠲᠦᠷᠦᠭᠦᠦ ᠬᠡᠳᠦᠨ ᠡᠳᠦᠷ ᠠᠶᠢᠯ ᠬᠡᠰᠦᠵᠦ ᠬᠣᠨᠣᠬᠤ ᠳ᠋ᠤ ᠰᠤᠷᠬᠠᠨ ᠰᠢᠷ᠎ᠠ ᠶ᠋ᠢᠨ ᠭᠡᠷ ᠲᠦ ᠬᠣᠨᠣᠪᠠᠯ ᠲᠡᠭᠦᠨ ᠦ ᠬᠦᠪᠡᠭᠦᠨ ᠴᠢᠮᠪᠠᠢ᠂ ᠴᠢᠯᠠᠭᠤᠨ ᠬᠤᠶᠠᠷ ᠨᠠᠮᠠᠶᠢ ᠦᠷᠤ ᠡᠪᠡᠳᠦᠨ ᠬᠠᠶᠢᠷᠠᠯᠠᠵᠤ ᠰᠦᠨᠢ ᠪᠦᠷᠢ ᠭᠢᠨᠵᠢ ᠭᠠᠪᠠ ᠶ᠋ᠢ ᠮᠢᠨᠢ ᠰᠤᠯᠠᠯᠠᠨ ᠥᠭᠴᠦ ᠬᠣᠨᠣᠭᠤᠯᠬᠤ ᠪᠢᠯᠡ᠃ ᠡᠳᠦᠭᠡ  ᠪᠠᠰᠠ ᠰᠤᠷᠬᠠᠨ  ᠰᠢᠷ᠎ᠠ ᠨᠠᠮᠠᠶ᠋ᠢ ᠦᠵᠡᠵᠦ ᠪᠠᠶᠢᠭᠠᠳ ᠵᠢᠭᠠᠵᠤ ᠥᠭᠭᠦᠭᠰᠡᠨ ᠦᠭᠡᠢ ᠥᠩᠭᠡᠷᠡᠪᠡ᠃ ᠲᠡᠳᠡ ᠨᠠᠮᠠᠶ᠋ᠢᠠᠪᠤᠷᠠᠵᠤ ᠮᠡᠳᠡᠨ᠎ᠡ 》 ᠭᠡᠵᠤ ᠰᠤᠷᠬᠠᠨ ᠰᠢᠷ᠎ᠠ ᠶ᠋ᠢᠨ ᠭᠡᠷ ᠢ ᠴᠢᠭᠯᠡᠨ ᠣᠨᠤᠨ ᠮᠦᠷᠡᠨ ᠥᠭᠡᠳᠡ ᠶᠠᠪᠤᠪᠠ᠃
     ᠰᠤᠷᠬᠠᠨ ᠰᠢᠷ᠎ᠠ ᠶ᠋ᠢᠨ ᠭᠡᠷ ᠨᠢ ᠦᠷᠭᠦᠯᠵᠢ ᠰᠦᠨᠢ ᠳᠦᠯᠢ ᠥᠩᠭᠡᠷᠡᠲᠡᠯ᠎ᠡ ᠭᠡᠭᠦᠦ ᠶ᠋ᠢᠨ ᠰᠦ ᠪᠡᠨ ᠰᠠᠮᠤᠷᠴᠤ ᠠᠶᠢᠷᠠᠭ ᠢᠶᠡᠨ ᠪᠦᠯᠢᠬᠦ ᠶ᠋ᠢ ᠲᠡᠮᠦᠵᠢᠨ ᠮᠡᠳᠡᠬᠦ ᠲᠤᠯᠠ ᠪᠠᠶᠢᠨ ᠪᠠᠶᠢᠨ ᠰᠤᠨᠤᠰᠳᠠᠬᠤ ᠪᠦᠯᠢᠭᠦᠷ ᠦᠨ ᠴᠢᠮᠡᠭᠡ ᠶ᠋ᠢ ᠴᠢᠩᠨᠠᠭᠰᠠᠭᠠᠷ ᠬᠦᠷᠴᠦ  ᠣᠴᠢᠭᠰᠠᠨ ᠳ᠋ᠤ ᠰᠤᠷᠬᠠᠨ  ᠰᠢᠷ᠎ᠠ ᠄ 《 ᠪᠢ ᠴᠢᠮ᠎ᠠ ᠶ᠋ᠢ ᠡᠬᠡ ᠪᠠ ᠳᠡᠭᠦᠦ ᠨᠠᠷ ᠢᠶᠡᠨ ᠡᠷᠢᠬᠦ ᠪᠡᠷ ᠶᠠᠪᠤ᠋ ᠭᠡᠰᠡᠨ ᠪᠢᠰᠢᠦ᠂ ᠶᠠᠭᠤᠨ ᠳ᠋ᠤ ᠡᠨᠳᠡ ᠢᠷᠡᠪᠡ 》᠃ ᠳᠡᠭᠦᠨ ᠦ ᠬᠦᠪᠡᠭᠦᠨ ᠴᠢᠯᠠᠭᠤᠨ᠂ ᠴᠢᠮᠪᠠᠢ ᠬᠤᠶᠠᠷ᠄ 《 ᠪᠤᠯᠵᠤᠮᠤᠷ ᠰᠢᠪᠠᠭᠤ᠂ ᠪᠦᠷᠭᠦᠳ ᠡᠴᠡ ᠲᠤᠲᠠᠭᠠᠵᠤ ᠪᠣᠳᠠ ᠶ᠋ᠢᠨ ᠢᠷᠣᠭᠠᠷ ᠲᠤ ᠬᠣᠷᠭᠣᠳᠠᠪᠠᠯ ᠪᠣᠳᠠ ᠲᠡᠭᠦᠨ ᠢ ᠬᠠᠮᠠᠭᠠᠯᠠᠵᠤ ᠠᠪᠤᠷᠠᠬᠤ ᠪᠠᠶᠢᠲᠠᠯ᠎ᠠ᠂ ᠤᠳᠦ ᠪᠢᠳᠡᠨ ᠬᠥᠮᠥᠨ ᠬᠤᠷᠭᠤᠳᠠᠵᠤ ᠢᠷᠡᠬᠦ ᠳ᠋ᠦ ᠴᠢᠩᠬᠢᠵᠤ ᠬᠡᠯᠡᠵᠦ ᠶᠠᠭᠠᠬᠢᠨ ᠪᠣᠯᠬᠤ ᠪᠤᠢ 》  ᠭᠡᠵᠦ ᠡᠴᠢᠭᠡ ᠪᠡᠨ ᠪᠤᠷᠤᠭᠤᠰᠢᠶᠠᠵᠤ᠂ ᠭᠠᠪᠠ ᠭᠢᠨᠵᠢ ᠶ᠋ᠢ ᠨᠢ ᠡᠪᠳᠡᠵᠦ ᠬᠠᠶᠠᠭᠠᠳ ᠲᠡᠮᠥᠵᠢᠨ ᠢ ᠨᠣᠣᠰᠣᠨ ᠲᠡᠷᠭᠡᠨ ᠲᠤᠲᠤᠷ᠎ᠡ ᠪᠠᠨ ᠨᠢᠭᠤᠵᠤ᠂ ᠬᠠᠳᠠᠭᠠᠨ ᠨᠠᠷ᠎ᠡ ᠲᠠᠢ ᠦᠬᠢᠨ ᠲᠡᠭᠦᠤ ᠪᠠᠷ ᠢᠶᠡᠨ ᠠᠰᠠᠷᠠᠭᠤᠯᠪᠠ᠃ ᠮᠠᠷᠭᠠᠰᠢ ᠦᠷᠯᠦᠭᠡ ᠨᠢ ᠲᠠᠶᠢᠴᠢᠭᠤᠳ ᠡᠷᠲᠡᠯᠡᠨ ᠪᠣᠰᠴᠤ 《 ᠭᠠᠪᠠ ᠭᠢᠨᠵᠢ ᠲᠠᠢ ᠬᠥᠮᠥᠨ ᠬᠡᠳᠦᠢ ᠬᠣᠯᠠ ᠶᠠᠪᠤᠵᠤ ᠲᠡᠶᠢᠯᠬᠦ ᠪᠢᠯᠡ᠃ ᠯᠠᠪ ᠮᠠᠨᠠᠶᠢᠬᠢᠨ ᠨᠢᠭᠤᠭᠰᠠᠨ ᠪᠢᠵᠡ᠃ ᠥᠭᠡᠷ᠎ᠡ ᠵᠠᠭᠤᠷ᠎ᠠ ᠶ᠋ᠢᠨ ᠠᠶᠢᠯ ᠤᠳ ᠢᠶᠡᠨ ᠨᠡᠩᠵᠢᠶ᠎ᠡ 》 ᠭᠡᠵᠤ ᠠᠶᠢᠯ ᠪᠦᠷᠢ ᠶ᠋ᠢ ᠨᠡᠩᠵᠢᠭᠰᠡᠭᠡᠷ ᠰᠤᠷᠬᠠᠨ ᠰᠢᠷ᠎ᠠ ᠶ᠋ᠢᠨ ᠳ᠋ᠥ  ᠢᠷᠡᠵᠤ᠂ ᠭᠡᠷ ᠲᠡᠷᠭᠡ ᠶ᠋ᠢ ᠨᠢ ᠨᠡᠩᠵᠢᠭᠰᠡᠭᠡᠷ ᠨᠣᠣᠰᠣᠨ ᠲᠡᠷᠭᠡᠨ ᠳ᠋ᠦ ᠬᠥᠷᠦᠭᠡᠳ ᠠᠮᠠᠰᠠᠷ ᠲᠠᠬᠢ ᠨᠣᠣᠰᠣ ᠶ᠋ᠢ ᠲᠠᠲᠠᠵᠤ᠂ ᠲᠡᠮᠦᠵᠢᠨ ᠦ ᠬᠥᠯ ᠳ᠋ᠦ ᠬᠦᠷᠦᠭᠰᠡᠨ ᠳ᠋ᠦ᠂ ᠰᠤᠷᠬᠠᠨ ᠰᠢᠷ᠎ᠠ᠄ 《 ᠡᠶᠢᠮᠦ  ᠬᠠᠯᠠᠭᠤᠨ ᠴᠠᠭ ᠲᠤ ᠨᠣᠣᠰᠣᠨ ᠳᠤᠳᠤᠷ᠎ᠡ ᠠᠮᠢᠳᠦ ᠬᠥᠮᠥᠨ ᠶᠠᠭᠠᠬᠢᠨ ᠪᠠᠶᠢᠵᠤ ᠪᠣᠯᠬᠤ ᠪᠤᠢ᠂ ᠰᠡᠳᠭᠢᠯ ᠢᠶ᠋ᠡᠨ ᠬᠠᠨᠤᠳᠠᠯ᠎ᠠ ᠡᠷᠢ  》 ᠭᠡᠪᠡ᠃ ᠨᠡᠩᠵᠢᠭᠦᠯ ᠦᠨ ᠬᠥᠮᠥᠰ ᠦᠨᠡᠮᠰᠢᠭᠡᠳ ᠲᠠᠷᠬᠠᠨ ᠶᠠᠪᠤᠵᠠᠭᠠᠪᠠ᠃ ᠲᠡᠳᠡᠨ ᠢ ᠶᠠᠪᠤᠭᠰᠠᠨ ᠤ ᠬᠣᠶᠢᠨ᠎ᠠ᠂ ᠰᠤᠷᠬᠠᠨ ᠰᠢᠷ᠎ᠠ ᠲᠡᠮᠦᠵᠢᠨ ᠢ ᠨᠣᠣᠰᠣᠨ ᠲᠡᠷᠭᠡᠨ ᠡᠴᠡ  ᠭᠠᠷᠭᠠᠭᠠᠳ᠄ 《 ᠴᠢ  ᠨᠠᠮᠠᠶ᠋ᠢ ᠦᠨᠡᠰᠦ ᠪᠤᠯᠠᠭᠠᠨ ᠬᠡᠶᠢᠰᠭᠡᠬᠦ ᠠᠯᠳᠠᠪᠠ᠂ ᠣᠲᠣ ᠳᠠᠷᠤᠢ ᠡᠬᠡ ᠪᠠ ᠳᠡᠭᠦᠦ ᠨᠠᠷ ᠢᠶᠡᠨ ᠡᠷᠢᠬᠦ ᠪᠡᠷ ᠶᠠᠪᠤ᠋ 》 ᠭᠡᠵᠤ ᠠᠮᠠ ᠴᠠᠭᠠᠨ ᠡᠷᠡᠮᠡᠭ ᠬᠤᠯᠠᠭᠴᠢ ᠭᠡᠭᠦᠦ ᠪᠡᠨ ᠤᠨᠤᠭᠤᠯᠵᠤ᠂ ᠡᠮᠡᠭᠡᠯ ᠦᠨ ᠭᠠᠨᠵᠤᠭ᠎ᠠ ᠳ᠋ᠦ᠋ᠨᠢ ᠬᠤᠷᠠᠭᠠᠨ ᠮᠢᠬ᠎ᠠ᠂ ᠬᠦᠭᠦᠷ ᠲᠠᠢ ᠠᠶᠢᠷᠠᠭ ᠳᠡᠭᠦᠵᠢᠯᠡᠭᠦᠯᠤᠨ ᠶᠠᠪᠤᠭᠤᠯᠪᠠ᠃
     1206 ᠣᠨ ᠳ᠋ᠤ ᠲᠡᠮᠦᠵᠢᠨ ᠴᠢᠩᠭᠢᠰ ᠬᠠᠭᠠᠨ ᠡᠷᠭᠦᠮᠵᠢᠯᠡᠭᠰᠡᠨ ᠦ ᠳᠠᠷᠠᠭ᠎ᠠ᠂ ᠡᠨᠡ ᠤᠳᠠᠭ᠎ᠠ ᠶ᠋ᠢᠨ  ᠠᠶᠤᠯ ᠡᠴᠠ ᠬᠡᠯᠲᠤᠷᠢᠭᠰᠡᠨ ᠢᠶᠡᠨ ᠳᠤᠷᠠᠰᠤᠨ ᠰᠠᠨᠠᠭᠠᠳ᠂ ᠰᠤᠷᠬᠠᠨ ᠰᠢᠷ᠎ᠠ ᠶ᠋ᠢ ᠳᠠᠷᠬᠠᠯᠠᠵᠤ᠂ ᠴᠢᠯᠠᠭᠤᠨ ᠢ ᠬᠥᠯᠥᠭ ᠡᠷᠭᠦᠮᠵᠢᠯᠡᠭᠡᠳ᠂ ᠴᠢᠮᠪᠠᠢ ᠶ᠋ᠢ ᠮᠢᠩᠭᠠᠳᠦ ᠶ᠋ᠢᠨ ᠨᠣᠶᠠᠨ ᠪᠣᠯᠭᠠᠵᠤ᠂ ᠬᠠᠳᠠᠭᠠᠨ ᠢ ᠬᠠᠲᠤᠨ ᠢᠶᠡᠨ ᠪᠤᠯᠠᠭᠠᠨ ᠠᠪᠤᠪᠠ᠃

                        ᠨᠠ‍ · ᠠᠯᠲᠠᠨᠱᠠ ᠶ᠋ᠢᠨ《 ᠮᠣᠩᠭᠣᠯ ᠤᠨ ᠨᠢᠭᠤᠴᠠ

                        ᠲᠣᠪᠴᠢᠶᠠᠨ》 ᠤ ᠰᠣᠩᠭᠣᠮᠠᠯ ᠦᠯᠢᠭᠡᠷ ᠡᠴᠡ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ