《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠳᠥᠷᠪᠡᠳᠦᠭᠡᠷ ᠬᠡᠰᠡᠭ )

ᠤᠩᠰᠢᠭᠰᠠᠨ ᠤᠳᠠᠭ᠎ᠠ ᠄ 661    ᠨᠡᠶᠢᠳᠡᠯᠡᠭᠰᠡᠨ ᠴᠠᠭ ᠄ 2016-07-22

                   ᠡᠬᠡ ᠶ᠋ᠢᠨ ᠢᠶ᠋ᠡᠨ ᠰᠤᠷᠭᠠᠯ ᠢ ᠠᠪᠤᠪᠠ

       ᠲᠡᠮᠦᠵᠢᠨ ᠬᠠᠭᠤᠴᠢᠨ ᠪᠠᠭᠤᠴᠠᠨ ‍ᠳᠠᠭᠠᠨ ᠬᠠᠶᠠᠭᠳᠠᠭᠰᠠᠨ ᠤ ᠳᠠᠷᠠᠭ᠎ᠠ᠂ ᠨᠢᠭᠡᠨ ᠡᠳᠦᠷ ᠲᠡᠮᠦᠵᠢᠨ᠂ ᠬᠠᠰᠠᠷ᠂ ᠪᠡᠭᠲᠡᠷ᠂ ᠪᠡᠯᠭᠦᠳᠡᠢ ᠲᠡᠢ ᠳᠦᠷᠪᠡᠭᠦᠯᠡ ᠬᠠᠮᠲᠤ ᠰᠠᠭᠤᠵᠤ ᠵᠢᠭᠠᠰᠤ ᠭᠦᠬᠢᠳᠡᠵᠡᠢ᠃ ᠲᠡᠮᠦᠵᠢᠨ ᠦ  ᠭᠦᠬᠢ ᠳ᠋ᠦ ᠨᠢᠭᠡᠨ ᠴᠠᠶᠢᠪᠤᠷ ᠵᠢᠭᠠᠰᠤ ᠣᠷᠣᠭᠰᠠᠨ ᠳ᠋ᠤ᠂ ᠪᠡᠭᠲᠡᠷ᠂ ᠪᠡᠯᠭᠦᠳᠡᠢ ᠬᠣᠶᠠᠷ ᠪᠤᠯᠢᠶᠠᠵᠤ ᠠᠪᠤᠪᠠ᠃ ᠲᠡᠮᠦᠵᠢᠨ᠂ ᠬᠠᠰᠠᠷ ᠬᠣᠶᠠᠷ ᠭᠡᠷ ᠲᠡᠭᠡᠨ ᠢᠷᠡᠵᠦ᠄ 《 ᠮᠠᠨ ᠤ ᠭᠦᠬᠢ ᠳ᠋ᠦ ᠣᠷᠣᠭᠰᠠᠨ ᠨᠢᠭᠡᠨ ᠴᠠᠶᠢᠪᠤᠷ ᠵᠢᠭᠠᠰᠤ ᠶ᠋ᠢ ᠪᠡᠭᠲᠡᠷ᠂ ᠪᠡᠯᠭᠦᠳᠡᠢ ᠠᠬ᠎ᠠ ᠳᠡᠭᠦᠦ ᠬᠣᠶᠠᠷ ᠪᠤᠯᠢᠶᠠᠵᠤ ᠠᠪᠤᠪᠠ 》 ᠭᠡᠵᠦ ᠦᠭᠡᠯᠦᠨ ᠡᠬᠡ ᠳ᠋ᠦ ᠵᠠᠭᠠᠯᠳᠤᠪᠠ᠃ ᠦᠭᠡᠯᠦᠨ ᠡᠬᠡ᠄ 《 ᠲᠠ ᠨᠠᠷ ᠨᠢᠭᠡ ᠡᠴᠢᠬᠡ ᠶ᠋ᠢᠨ ᠬᠦᠪᠡᠭᠦᠨ ᠪᠠᠶᠢᠲᠠᠯ᠎ᠠ᠂ ᠶᠠᠭᠤᠨ ᠳ᠋ᠤ ᠴᠢᠩᠭᠢᠵᠦ ᠮᠠᠷᠭᠤᠯᠳᠤᠨ᠎ᠠ ᠪᠣᠢ᠂ ᠣᠳᠣ ᠰᠡᠭᠦᠳᠡᠷ ᠡᠴᠡ ᠦᠭᠡᠷ᠎ᠡ ᠨᠦᠬᠦᠷ ᠦᠭᠡᠢ᠂ ᠰᠡᠭᠦᠯ  ᠡᠴᠡ ᠦᠭᠡᠷ᠎ᠡ ᠲᠠᠰᠢᠭᠤᠷ ᠦᠭᠡᠢ ᠪᠠᠶᠢᠭ᠎ᠠ ᠪᠠᠨ ᠮᠡᠳᠡᠨ᠎ᠡ ᠪᠢᠵᠠ ‍ᠳᠠ᠃ ᠡᠶᠢᠮᠦ ᠪᠣᠯ ᠪᠢᠳᠡᠨ ᠲᠠᠶᠢᠴᠢᠭᠤᠳ ᠡᠴᠠ ᠶᠠᠭᠠᠬᠢᠵᠤ ᠦᠰᠢᠶ᠎ᠡ ᠪᠡᠨ ᠠᠪᠴᠤ ᠴᠢᠳᠠᠬᠤ ᠪᠣᠢ᠂ ᠲᠠ ᠨᠠᠷ ᠪᠢᠲᠡᠭᠡᠢ ᠴᠢᠩᠭᠢ 》 ᠭᠡᠵᠦ ᠰᠤᠷᠭᠠᠪᠠ᠃ ᠲᠡᠮᠦᠵᠢᠨ᠂ ᠬᠠᠰᠠᠷ ᠬᠣᠶᠠᠷ ᠦᠯᠦ ᠣᠶᠢᠰᠢᠶᠠᠨ᠄ 《 ᠦᠴᠦᠭᠡᠳᠦᠷ ᠨᠢᠭᠡᠨ ᠪᠣᠯᠵᠣᠮᠣᠷ ᠬᠠᠷᠪᠤᠵᠤ ᠠᠯᠠᠭᠰᠠᠨ ᠢ ᠲᠡᠳᠡᠨ ᠪᠤᠯᠢᠶᠠᠵᠤ ᠠᠪᠤᠪᠠ᠂ ᠡᠨᠡ ᠡᠳᠦᠷ ᠪᠠᠰᠠ ᠭᠦᠬᠢᠳᠡᠭᠰᠡᠨ ᠵᠢᠭᠠᠰᠤ ᠶ᠋ᠢ ᠪᠤᠯᠢᠶᠠᠪᠠ᠃ ᠡᠶᠢᠮᠦ ᠪᠣᠯ ᠡᠳᠡᠨ ᠲᠡᠢ ᠶᠠᠭᠠᠬᠢᠵᠤ ᠬᠠᠮᠲᠤ ᠠᠮᠢᠳᠤᠷᠠᠬᠤ ᠪᠣᠢ 》 ᠭᠡᠳ ᠭᠡᠷ ᠦᠨ ᠡᠭᠦᠳᠡ ᠶ᠋ᠢ ᠰᠢᠷᠦᠭᠦᠨ ᠬᠠᠶᠠᠵᠤ ᠭᠠᠷᠪᠠ᠃

       ᠪᠡᠭᠲᠡᠷ᠂ ᠲᠣᠪᠣᠴᠠᠭ ᠳᠡᠭᠡᠷ᠎ᠡ ᠪᠡᠨ ᠶᠢᠰᠦᠨ ᠰᠢᠷᠭ᠎ᠠ ᠮᠣᠷᠢ ᠪᠠᠨ ᠬᠠᠷᠢᠭᠤᠯᠵᠤ  ᠰᠠᠭᠤᠲᠠᠯ᠎ᠠ᠂ ᠲᠡᠮᠦᠵᠢᠨ ᠬᠣᠶᠢᠨ᠎ᠠ ᠡᠴᠠ᠂ ᠬᠠᠰᠠᠷ ᠡᠮᠦᠨ᠎ᠡ ᠡᠴᠡ ᠨᠢᠭᠤᠴᠠ ᠪᠠᠷ ᠰᠣᠮᠣ ᠪᠠᠨ ᠣᠨᠢᠯᠠᠵᠤ ᠬᠦᠷᠬᠦ ᠳ᠋ᠦ ᠪᠡᠭᠲᠡᠷ ᠦᠵᠡᠭᠡᠳ᠄ 《 ᠲᠠᠶᠢᠴᠢᠭᠤᠳ ᠡᠴᠠ ᠦᠰᠢᠶ᠎ᠡ ᠪᠡᠨ ᠠᠪᠴᠤ ᠴᠢᠳᠠᠭᠠᠳᠤᠢ ᠪᠠᠶᠢᠲᠠᠯ᠎ᠠ᠂ ᠲᠠ ᠨᠠᠷ ᠶᠠᠭᠤᠨ ᠳ᠋ᠤ ᠨᠠᠮᠠᠶᠢ ᠠᠳᠠ ᠦᠵᠡᠵᠦ ᠪᠠᠶᠢᠨ᠎ᠠ ᠪᠣᠢ᠂ ᠣᠳᠣ ᠰᠡᠭᠦᠳᠡᠷ ᠡᠴᠡ ᠦᠭᠡᠷ᠎ᠡ ᠨᠦᠬᠦᠷ ᠦᠭᠡᠢ ᠰᠡᠭᠦᠯ ᠡᠴᠡ ᠦᠭᠡᠷ᠎ᠡ ᠲᠠᠰᠢᠭᠤᠷ ᠦᠭᠡᠢ ᠪᠠᠶᠢᠲᠠᠯ᠎ᠠ᠂ ᠶᠠᠭᠤᠨ ᠳ᠋ᠤ ᠢᠩᠭᠢᠵᠦ ᠪᠠᠶᠢᠨ᠎ᠠ ᠪᠣᠢ ᠲᠠ᠂ ᠭᠣᠯᠣᠮᠲᠠ ᠶ᠋ᠢ ᠮᠢᠨᠢ ᠪᠣᠤ ᠬᠠᠷᠠᠯᠠᠭᠤᠯ᠂ ᠪᠡᠯᠭᠦᠳᠡᠢ ᠶ᠋ᠢ ᠮᠢᠨᠢ ᠪᠣᠤ ᠬᠦᠨᠦᠭᠡᠭᠳᠦᠨ 》 ᠭᠡᠳ ᠵᠠᠪᠢᠯᠤᠨ ᠰᠠᠭᠤᠵᠤ ᠬᠦᠯᠢᠶᠡᠪᠡ᠃ ᠲᠡᠮᠦᠵᠢᠨ᠂ ᠬᠠᠰᠠᠷ ᠬᠣᠶᠠᠷ ᠡᠮᠦᠨ᠎ᠡ ᠲᠠᠯ᠎ᠠ ᠡᠴᠠ ᠨᠢ ᠬᠠᠷᠪᠤᠵᠤ ᠠᠯᠠᠭᠠᠳ ᠶᠠᠪᠤᠪᠠ᠃ ᠲᠡᠮᠦᠵᠢᠨ᠂ ᠬᠠᠰᠠᠷ ᠬᠣᠶᠠᠷ ᠭᠡᠷ ᠲᠦ ᠣᠷᠣᠵᠣ ᠢᠷᠡᠭᠰᠡᠨ᠎ᠡ ᠦᠭᠡᠯᠦᠨ ᠡᠬᠡ ᠬᠣᠶᠠᠷ ᠬᠦᠪᠡᠭᠦᠨ ᠦ ᠴᠢᠷᠠᠢ ᠶ᠋ᠢ ᠦᠵᠡᠮᠡᠭᠴᠡ᠂ ᠤᠴᠢᠷ ᠢ ᠨᠢ ᠮᠡᠳᠡᠵᠦ᠄

       《 ᠬᠠᠨᠢ ᠪᠠᠨ ᠪᠠᠷᠠᠭᠰᠠᠳ
       ᠢᠵᠢᠯᠢ ᠪᠡᠨ ᠢᠳᠡᠭᠰᠡᠳ
       ᠬᠠᠯᠠᠭᠤᠨ ᠬᠡᠪᠡᠯᠢ ᠡᠴᠡ ᠭᠠᠷᠬᠤ ‍ᠳᠠᠭᠠᠨ
       ᠬᠠᠯᠠᠭᠤᠨ ᠨᠦᠵᠢ ᠠᠳᠬᠤᠨ ᠲᠥᠷᠥᠭᠰᠡᠨ ᠪᠢᠯᠡ᠃
       ᠬᠠᠪᠢᠷᠭ᠎ᠠ ᠪᠠᠨ ᠬᠠᠵᠠᠬᠤ
       ᠬᠠᠷ᠎ᠠ ᠨᠣᠬᠠᠢ ᠮᠡᠲᠦ
       ᠬᠠᠳᠠᠨ ᠳ᠋ᠤ ᠳᠣᠪᠲᠣᠯᠬᠣ
       ᠬᠠᠷᠴᠠᠭᠠᠢ ᠱᠣᠩᠬᠣᠷ ᠮᠡᠲᠦ
       ᠠᠭᠤᠷ ᠢᠶᠡᠨ ᠳᠠᠷᠤᠨ ᠶᠠᠳᠠᠬᠤ
       ᠣᠮᠣᠭᠲᠣ ᠠᠷᠰᠯᠠᠨ ᠮᠡᠲᠦ᠂
       ᠠᠮᠢᠳᠤ ᠶ᠋ᠢ ᠵᠠᠯᠭᠢᠬᠤ
       ᠠᠶᠤᠯᠲᠤ ᠮᠠᠩᠭᠤᠰ ᠮᠡᠲᠦ᠂
       ᠰᠡᠭᠦᠳᠡᠷ ᠢᠶ᠋ᠡᠨ ᠳᠠᠭᠠᠷᠢᠬᠤ
       ᠰᠦᠷᠡᠬᠡᠢ ᠠᠷᠢᠶᠠᠲᠠᠨ ᠮᠡᠲᠦ᠂
       ᠴᠣᠭ ᠢ ᠵᠠᠯᠭᠢᠬᠤ
       ᠴᠣᠣᠷᠠᠬ᠎ᠠ ᠵᠢᠭᠠᠰᠤ ᠮᠡᠲᠦ᠂
       ᠪᠣᠲᠣᠭᠣ ᠲᠣᠷᠣᠮ ᠦᠨ
       ᠪᠣᠷᠪᠢ ᠶ᠋ᠢ ᠬᠠᠵᠠᠬᠤ
       ᠦᠯ ᠪᠤᠤᠷ᠎ᠠ ᠮᠡᠲᠦ᠂
       ᠪᠣᠷᠣᠭᠠᠲᠤ ᠡᠳᠦᠷ
       ᠳᠣᠪᠲᠣᠯᠣᠨ ᠬᠠᠯᠳᠠᠬᠤ
       ᠥᠯᠥᠨ ᠴᠢᠨ᠋ᠸ᠎ᠠ ᠮᠡᠲᠦ᠂
       ᠪᠠᠷᠢᠵᠤ ᠢᠳᠡᠬᠦ
       ᠪᠠᠷᠰ ᠢᠷᠪᠢᠰ ᠮᠡᠲᠦ
       ᠪᠠᠯᠠᠮᠠᠳ ᠠᠮᠢᠲᠠᠨ ᠶᠤᠮ ᠤᠣ
       ᠰᠡᠭᠦᠳᠡᠷ ᠡᠴᠡ ᠦᠭᠡᠷ᠎ᠡ ᠨᠦᠬᠦᠷ ᠦᠭᠡᠢ
       ᠰᠡᠭᠦᠯ ᠡᠴᠡ ᠦᠭᠡᠷ᠎ᠡ ᠲᠠᠰᠢᠭᠤᠷ ᠦᠭᠡᠢ
ᠪᠠᠶᠢᠬᠤ ᠳ᠋ᠤ᠂ ᠲᠠᠶᠢᠴᠢᠭᠤᠳ ᠡᠴᠠ ᠦᠰᠢᠶ᠎ᠡ ᠪᠡᠨ ᠠᠪᠴᠤ ᠴᠢᠳᠠᠭᠠᠳᠤᠢ ᠪᠠᠶᠢᠬᠤ ᠳ᠋ᠤ᠂ ᠲᠠ ᠨᠠᠷ ᠶᠠᠭᠤᠨ ᠳ᠋ᠤ ᠡᠶᠢᠮᠦ ᠬᠡᠷᠡᠭ ᠬᠢᠪᠡ 》 ᠭᠡᠵᠦ ᠪᠤᠷᠤᠭᠤᠰᠢᠶᠠᠨ ᠳᠣᠩᠭᠣᠳᠪᠠ᠃ ᠲᠡᠭᠦᠨ ᠡᠴᠡ ᠬᠣᠶᠢᠰᠢ ᠲᠡᠮᠦᠵᠢᠨ ᠡᠬᠡ ᠶ᠋ᠢᠨ ᠢᠶ᠋ᠡᠨ ᠰᠤᠷᠭᠠᠯ ᠢ ᠠᠪᠴᠤ᠂ ᠪᠤᠷᠤᠭᠤ ᠪᠠᠨ ᠮᠡᠳᠡᠷᠡᠨ᠂ ᠳᠡᠭᠦᠦ ᠨᠠᠷ ᠢᠶᠡᠨ ᠬᠠᠶᠢᠷᠠᠯᠠᠵᠤ᠂ ᠨᠦᠬᠦᠳ ᠲᠠᠢ ᠪᠠᠨ ᠪᠦᠯᠬᠦᠮᠳᠡᠨ᠂ ᠳᠠᠶᠢᠰᠤᠨ ᠡᠴᠠ ᠦᠰᠢᠶ᠎ᠡ ᠬᠣᠷᠣᠰᠣᠯ ᠢᠶᠡᠨ ᠠᠪᠴᠤ ᠶᠡᠬᠡ ᠤᠶᠢᠯᠡᠰ ᠪᠦᠲᠦᠭᠡᠬᠦ ᠶ᠋ᠢ ᠪᠣᠳᠣᠬᠣ ᠪᠣᠯᠪᠠ᠃

            

                       ᠨᠠ‍ · ᠠᠯᠲᠠᠨᠱᠠ ᠶ᠋ᠢᠨ 《 ᠮᠣᠩᠭᠣᠯ ᠤᠨ ᠨᠢᠭᠤᠴᠠ

                       ᠲᠣᠪᠴᠢᠶᠠᠨ 》 ‍ᠤ ᠰᠣᠩᠭᠣᠮᠠᠯ ᠦᠯᠢᠭᠡᠷ ᠡᠴᠡ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ