ᠴᠢᠨ᠋ᠸ᠎ᠠ ᠶ᠋ᠢᠨ ᠲᠤᠬᠠᠢ ᠮᠡᠳᠡᠭᠦᠰᠢᠳᠠᠢ ( ᠬᠤᠶᠠᠷ )

ᠤᠩᠰᠢᠭᠰᠠᠨ ᠤᠳᠠᠭ᠎ᠠ ᠄ 982    ᠨᠡᠶᠢᠳᠡᠯᠡᠭᠰᠡᠨ ᠴᠠᠭ ᠄ 2016-07-22

      ᠴᠢᠨ᠋ᠸ᠎ᠠ ᠶ᠋ᠢᠨ ᠠᠮᠨ ᠢᠳᠡᠭᠰᠡᠨ ᠴᠤ ᠤᠯᠠᠭᠠᠨ᠂ ᠡᠰᠡ ᠢᠳᠡᠭᠰᠡᠨ ᠴᠤ ᠤᠯᠠᠭᠠᠨ ᠭᠡᠳᠡᠭ᠃ ᠨᠢᠭᠡ ᠴᠢᠨ᠋ᠸ᠎ᠠ ᠰᠠᠷ᠎ᠠ ᠳ᠋ᠤ ᠪᠠᠨ ᠨᠢᠭᠡ ᠮᠠᠯ ᠶᠤᠮ ᠤᠣ᠂ ᠭᠦᠷᠦᠭᠡᠰᠦ ᠢᠳᠡᠨ᠎ᠡ᠂ ᠪᠤᠰᠤᠳ ᠴᠠᠭ ᠲᠤ ᠡᠯᠳᠡᠪ ᠰᠡᠭ ᠢᠮ᠂ ᠵᠢᠵᠢᠭ ᠰᠠᠵᠢᠭ ᠠᠮᠢᠳᠠᠨ ᠡᠨ᠋ᠨ ᠲᠡᠷᠨ ᠵᠢ ᠢᠳᠡᠭᠡᠳ ᠦᠯ ᠵᠠᠯᠭᠠᠭᠠᠳ ᠶᠠᠪᠤᠳᠠᠭ ᠭᠡᠳᠡᠭ᠃ ᠴᠢᠨ᠋ᠸ᠎ᠠ ᠪᠤᠯ ᠮᠠᠯ᠂ ᠠᠩ᠌ ᠠᠮᠢᠳᠠᠨ ᠢ ᠢᠳᠡᠬᠦ ᠡᠭᠦᠷᠭᠡ ᠲᠠᠢ᠃ ᠤᠤᠯ ᠡᠴᠠ ᠪᠠᠨ ᠬᠤᠪᠢ ᠵᠠᠶᠠᠭ᠎ᠠ ᠨᠢ ᠲᠡᠶᠢᠮᠦ ᠶᠤᠮ᠃ ᠮᠠᠯ ᠢ ᠴᠢᠨ᠋ᠸ᠎ᠠ ᠮᠠᠯᠴᠢᠳ ᠤᠨ ᠬᠤᠳᠠ ᠡᠴᠠ ᠶᠤᠮ ᠤᠣ᠂ ᠬᠠᠷᠢᠭᠤᠯᠵᠤ ᠶᠠᠪᠤᠬᠤ ᠳ᠋ᠤ ᠨᠢ ᠭᠡᠭᠡᠨ ᠴᠠᠭᠠᠨ ᠡᠳᠦᠷ ᠪᠤᠯᠢᠶᠠᠵᠤ ᠢᠳᠡᠭᠡ ᠦᠭᠡᠢ᠃ ᠮᠠᠯᠴᠢᠳ ᠤᠨ ᠦᠪᠡᠷᠰᠡᠳ ᠤᠨ ᠬᠠᠷᠢᠭᠤᠴᠠᠯᠭ᠎ᠠ ᠦᠭᠡᠢ᠂ ᠰᠠᠯᠠᠩ᠌ ᠵᠠᠳᠠᠭᠠᠢ᠂ ᠮᠠᠭᠤ ᠠᠵᠢᠯᠯᠠᠭᠰᠠᠨ ᠡᠴᠠ ᠪᠠᠶᠢᠵᠤ ᠮᠡᠳᠡᠨ᠎ᠡ᠃ ᠵᠠᠷᠢᠮ ᠲᠤᠬᠢᠶᠠᠯᠳᠤᠯ ᠳ᠋ᠤ ᠮᠠᠯ ᠤᠨ ᠡᠯᠳᠡᠪ ᠬᠤᠷᠤᠭᠳᠠᠯ ᠢ ᠴᠢᠨ᠋ᠸ᠎ᠠ ᠤᠷᠤᠭᠤ ᠲᠦᠯᠬᠢᠴᠢᠬᠡᠬᠦ ᠶᠠᠪᠤᠳᠠᠯ ᠴᠤ ᠪᠠᠶᠢᠳᠠᠭ᠃     

      ᠴᠢᠨ᠋ᠸ᠎ᠠ ᠶ᠋ᠢᠨ ᠲᠤᠬᠠᠢ ᠳ᠋ᠤ ᠠᠯᠤᠰ ᠢᠶᠠᠷ ᠡᠷᠭᠢᠴᠡᠭᠦᠯᠦᠨ ᠪᠤᠳᠤᠬᠤ ᠳ᠋ᠤ ᠡᠨ᠋ᠨ ᠠᠷᠢᠶᠠᠳᠠᠨ ᠤ ᠬᠤᠪᠢ ᠵᠠᠶᠠᠭ᠎ᠠ ᠵᠢ ᠪᠠᠰᠠ ᠯᠡ ᠬᠤᠪᠤᠷᠳᠠᠬᠤ ᠵᠦᠭ ᠲᠤ ᠪᠠᠨ ᠡᠷᠭᠢᠯᠳᠡ ᠦᠭᠡᠢ ᠬᠠᠨᠳᠤᠵᠠᠢ ᠭᠡᠵᠤ ᠦᠵᠡᠬᠦ ᠦᠨᠳᠦᠰᠦ ᠨᠢᠭᠡᠨᠳᠡ ᠪᠤᠢ ᠪᠤᠯᠵᠠᠢ᠃ ᠲᠡᠯᠡᠬᠡᠢ ᠮᠢᠨᠢ ᠴᠢᠨ᠋ᠸ᠎ᠠ ᠦᠭᠡᠢ ᠪᠤᠯᠴᠢᠬᠠᠬᠤ ᠶᠤᠮ ᠪᠤᠯ ᠶᠡᠬᠡ ᠯᠡ ᠴᠢᠬᠤᠯᠨ ᠨᠢᠭᠡ ᠵᠦᠢᠯ ᠶᠠᠭᠤᠮ᠎ᠠ ᠪᠠᠷ ᠢᠶᠡᠨ ᠤᠩᠭᠤᠶᠢᠭᠠᠳ ᠯᠡ ᠶᠠᠪᠤᠴᠢᠬᠠᠨ᠎ᠠ᠃ ᠴᠧᠬᠤᠰᠯᠤᠧᠺᠢ᠂ ᠺᠠᠨᠠᠳᠠ ᠭᠡᠳ ᠤᠯᠠᠨ ᠤᠯᠤᠰ ᠴᠢᠨ᠋ᠸ᠎ᠠ ᠪᠠᠨ ᠤᠰᠠᠳᠬᠠᠭᠠᠳ ᠦᠵᠡᠭᠰᠡᠨ᠃ ᠴᠢᠨ᠋ᠸ᠎ᠠ ᠦᠭᠡᠢ ᠪᠤᠯᠴᠢᠬᠠᠭᠰᠠᠨ ᠴᠢᠨᠢ ᠪᠤᠭᠤ᠂ ᠭᠦᠷᠦᠭᠡᠰᠦ ᠮᠡᠳᠦ ᠶ᠋ᠢᠨ ᠠᠩ᠌ ᠠᠮᠢᠳᠠᠨ ᠨᠢᠭᠡᠨ ᠦᠶ᠎ᠡ ᠲᠡᠷᠭᠡᠳᠡ ᠡᠴᠠ ᠵᠠᠨᠤᠯᠬᠢᠯᠠᠬᠤ ᠲᠠᠶᠢᠰᠤᠨ ᠦᠭᠡᠢ ᠠᠶᠠᠳᠠᠶᠢᠬᠠᠨ ᠯᠡ ᠪᠠᠶᠢᠵᠠᠢ᠃ ᠲᠡᠭᠡᠳᠡᠯ᠎ᠡ ᠠᠰᠤᠷᠤ ᠤᠳᠠᠭᠰᠠᠨ ᠦᠭᠡᠢ᠂ ᠭᠠᠢ ᠭᠠᠵᠠᠷ ᠲᠤᠤᠷ᠎ᠠ ᠡᠴᠠ ᠭᠠᠷᠤᠭᠠᠳ ᠢᠷᠡᠵᠡᠢ᠃ ᠪᠤᠭᠤ ᠪᠤᠯᠤᠨ ᠪᠤᠰᠤᠳ ᠠᠮᠢᠳᠠᠳ ᠬᠡᠳᠦ ᠤᠯᠠᠰᠢᠷᠠᠵᠤ᠂ ᠪᠡᠯᠴᠢᠭᠡᠷ ᠨᠤᠳᠤᠭ ᠲᠠᠯᠠᠭᠴᠢᠭᠳᠠᠨ᠂ ᠠᠮᠢᠳᠠᠳ ᠭᠡᠮ ᠬᠢᠵᠢᠭᠳᠡᠭᠡᠳ᠂ ᠪᠡᠯᠴᠢᠭᠡᠷ ᠤᠨ ᠲᠠᠶᠢᠰᠤᠨ ᠡᠯᠪᠡᠭᠰᠢᠨ ᠦᠨᠦ ᠮᠠᠭᠤ ᠦᠵᠡᠯ ᠳ᠋ᠤ ᠤᠷᠤᠭᠰᠠᠨ ᠴᠢᠨ᠋ᠸ᠎ᠠ ᠪᠠᠨ ᠯᠠᠮᠨ ᠤᠯᠳᠠᠬᠤ ᠦᠭᠡᠢ ᠪᠤᠯ ᠪᠤᠴᠠᠬᠤ ᠳ᠋ᠤ ᠪᠠᠨ ᠵᠠᠯᠠᠬᠤ ᠭᠡᠭᠴᠢ ᠪᠠᠷ ᠡᠷᠭᠢᠭᠡᠳ ᠴᠢᠨ᠋ᠸ᠎ᠠ ᠪᠠᠨ 《 ᠵᠠᠯᠠᠵᠤ 》 ᠢᠷᠡᠵᠡᠢ᠃ ᠲᠡᠭᠦᠨ ᠡᠴᠠ ᠬᠤᠶᠢᠰᠢ ᠠᠰᠤᠷᠤ ᠤᠳᠠᠭᠰᠠᠨ ᠦᠭᠡᠢ ᠲᠡᠨᠳᠡ ᠬᠡᠪ ᠤᠨ ᠪᠠᠶᠢᠳᠠᠯ ᠳ᠋ᠤ ᠪᠠᠨ ᠤᠷᠤᠭᠰᠠᠨ ᠶᠤᠮ ᠪᠠᠶᠢᠨ᠎ᠠ᠃ ᠪᠠᠶᠢᠭᠠᠯᠢ ᠲᠡᠯᠡᠬᠡᠢ ᠲᠡᠭᠡᠷ᠎ᠡ ᠬᠡᠪ ᠤᠨ ᠬᠢ ᠪᠠᠷ ᠢᠶᠡᠨ ᠪᠠᠶᠢᠭᠠᠳ ᠪᠤᠯᠤᠭᠠᠳ ᠪᠠᠶᠢᠭᠰᠠᠨ ᠵᠦᠢᠯ ᠤᠨ ᠲᠡᠩᠴᠡᠪᠦᠷᠢ ᠠᠯᠳᠠᠭᠤᠯᠬᠤ ᠭᠡᠳᠡᠭ ᠬᠤᠤᠷᠳᠠᠢ ᠭᠡᠰᠡᠨ ᠪᠡᠯᠡᠨ ᠪᠠᠷᠢᠮᠳᠠ ᠡᠨ᠋ᠨ᠃ 18 ᠳ᠋ᠤᠭᠠᠷ ᠵᠠᠭᠤᠨ ᠳ᠋ᠤ ᠠᠩᠭᠯᠢ ᠶᠡᠬᠡ ᠴᠤ ᠬᠤᠨᠢ ᠲᠠᠢ ᠤᠯᠠᠨ ᠴᠤ ᠴᠢᠨ᠋ᠸ᠎ᠠ ᠲᠠᠢ ᠪᠠᠶᠢᠵᠠᠢ᠃ ᠠᠩᠭᠯᠢ ᠳ᠋ᠤ ᠴᠢᠨ᠋ᠸ᠎ᠠ ᠪᠠᠷᠢᠳᠠᠭ ᠨᠤᠬᠠᠢ ᠴᠤ ᠪᠠᠶᠢᠵᠠᠢ᠃ ᠲᠡᠶᠢᠮᠦ ᠨᠤᠬᠠᠢ ᠪᠠᠨ ᠭᠠᠳᠠᠭᠠᠳᠤ ᠳ᠋ᠤ ᠭᠠᠷᠭᠠᠬᠤ ᠵᠢ ᠬᠤᠷᠢᠳᠠᠭ ᠪᠠᠶᠢᠵᠠᠢ᠃ ᠠᠩᠭᠯᠢ ᠶ᠋ᠢᠨ ᠴᠢᠨ᠋ᠸ᠎ᠠ ᠰᠢᠬᠠᠭᠳᠠᠭᠰᠠᠭᠠᠷ 1880 ᠤᠨ ᠳ᠋ᠤ ᠰᠡᠭᠦᠯᠴᠢ ᠶ᠋ᠢᠨ ᠴᠢᠨ᠋ᠸ᠎ᠠ ᠪᠠᠨ ᠦᠬᠦᠬᠦ ᠳ᠋ᠤ ᠲᠡᠷᠨ ᠭᠠᠵᠠᠷ ᠨᠢ ᠴᠢᠨ᠋ᠸ᠎ᠠ ᠳ᠋ᠤ ᠪᠠᠨ ᠵᠤᠷᠢᠭᠤᠯᠤᠭᠰᠠᠨ ᠬᠦᠰᠢᠶ᠎ᠡ ᠪᠤᠰᠬᠠᠵᠠᠢ᠃ ᠡᠨ᠋ᠨ ᠨᠢ ᠪᠠᠶᠢᠬᠤ ᠶᠤᠰᠤᠳᠠᠢ ᠶᠠᠭᠤᠮ᠎ᠠ ᠪᠠᠨ ᠪᠠᠶᠢᠬᠤ ᠦᠭᠡᠢ ᠪᠤᠯᠭᠠᠴᠢᠬᠠᠭᠰᠠᠨ ᠬᠤᠶᠢᠨ᠎ᠠ ᠬᠠᠷᠠᠮᠰᠠᠵᠤ ᠭᠤᠨᠢᠭ ᠢᠶᠡᠨ ᠢᠯᠡᠷᠬᠡᠶᠢᠯᠡᠭᠰᠡᠨ ᠤ ᠪᠤᠳᠠᠳᠤ ᠭᠡᠷᠡᠴᠢ ᠨᠢ ᠪᠤᠯᠤᠭᠰᠠᠨ ᠶᠤᠮ᠃ ᠹᠷᠠᠨᠼᠢ ᠤᠯᠤᠰ ᠰᠡᠭᠦᠯᠴᠢ ᠶ᠋ᠢᠨ ᠢᠶᠡᠨ ᠴᠢᠨ᠋ᠸ᠎ᠠ ᠪᠠᠨ ᠤᠰᠠᠳᠬᠠᠭᠰᠠᠨ ᠭᠠᠵᠠᠷ ᠢᠶᠡᠨ ᠪᠠᠰᠠ ᠬᠦᠰᠢᠶ᠎ᠡ ᠪᠤᠰᠬᠠᠭᠰᠠᠨ ᠭᠡᠵᠤ ᠰᠤᠨᠤᠰᠤᠭᠰᠠᠨ᠃ ᠰᠡᠭᠦᠯᠴᠢ ᠶ᠋ᠢᠨ ᠴᠢᠨ᠋ᠸ᠎ᠠ ᠶ᠋ᠢᠨ ᠴᠢᠮᠡᠭᠡᠯᠡᠯ ᠨᠢ ᠶᠠᠪᠤᠭᠰᠠᠭᠠᠷ ᠪᠠᠶᠢᠭᠠᠳ ᠫᠠᠷᠢᠰ ᠬᠦᠷᠦᠭᠰᠡᠨ ᠭᠡᠳᠡᠭ᠃ ᠹᠠᠷᠠᠨᠼᠢ ᠤᠯᠤᠰ ᠬᠠᠯᠬ᠎ᠠ ᠶ᠋ᠢᠨ ᠬᠢ ᠡᠴᠠ ᠬᠡᠳᠦᠨ ᠵᠢᠯ ᠤᠨ ᠡᠮᠦᠨ᠎ᠡ ᠴᠢᠨ᠋ᠸ᠎ᠠ ᠭᠤᠶᠤᠭᠰᠠᠨ ᠭᠡᠳᠡᠭ᠃ ᠴᠢᠨ᠋ᠸ᠎ᠠ ᠭᠡᠳᠡᠭ ᠠᠷᠢᠶᠠᠳᠠᠨ ᠢ ᠤᠳᠤ ᠶᠠᠭᠠᠬᠢᠬᠤ ᠪᠤᠢ᠂ 1973 ᠤᠨ ᠳ᠋ᠤ ᠰᠲ᠋ᠤᠺᠭᠤᠯᠢᠮ ᠳ᠋ᠤ ᠡᠸᠦᠢᠷᠦᠫᠠ ᠶ᠋ᠢᠨ ᠨᠡᠯᠢᠶᠡᠳ ᠤᠯᠠᠨ ᠮᠦᠨ ᠠᠮᠸᠷᠢᠺᠠ᠂ ᠺᠠᠨᠠᠳᠠ ᠤᠷᠤᠯᠴᠠᠭᠰᠠᠨ ᠤᠯᠠᠨ ᠤᠯᠤᠰ ᠤᠨ ᠰᠢᠮᠫᠤᠽᠢᠶᠦᠢᠮ ᠪᠤᠯᠵᠤ ᠴᠢᠨ᠋ᠸ᠎ᠠ ᠦᠭᠡᠢ ᠪᠤᠯ ᠨᠢᠭᠡᠨ ᠵᠦᠢᠯ ᠤᠨ ᠠᠶᠤᠯ ᠭᠠᠷᠴᠤ ᠮᠡᠳᠡᠨ᠎ᠡ ᠭᠡᠵᠤ ᠦᠵᠡᠭᠡᠳ ᠴᠢᠨ᠋ᠸ᠎ᠠ ᠵᠢ ᠬᠤᠪᠤᠷᠳᠠᠭᠰᠠᠨ ᠭᠠᠵᠠᠷ ᠨᠢ ᠬᠠᠮᠠᠭᠠᠯᠠᠬᠤ ᠪᠠᠷ ᠲᠤᠭᠳᠠᠭᠠᠭᠰᠠᠨ ᠪᠠᠶᠢᠨ᠎ᠠ᠃ ᠴᠢᠨ᠋ᠸ᠎ᠠ ᠵᠢ ᠶᠠᠭᠠᠬᠢᠭᠠᠳ ᠬᠠᠮᠠᠭᠠᠯᠠᠬᠤ ᠶᠤᠰᠤᠳᠠᠢ ᠶᠤᠮ ᠪᠤᠢ ᠭᠡᠳᠡᠭ ᠠᠰᠠᠭᠤᠳᠠᠯ ᠳ᠋ᠤ ᠲᠡᠭᠦᠨ ᠤ ᠬᠤᠪᠤᠷᠳᠠᠵᠤ ᠪᠤᠢ ᠵᠢ ᠬᠠᠷᠠᠭᠠᠯᠵᠠᠭᠰᠠᠨ ᠨᠢ ᠭᠤᠤᠯ ᠰᠢᠯᠳᠠᠭᠠᠨ ᠪᠢᠰᠢ᠂ ᠡᠨᠳᠡ ᠦᠭᠡᠷ᠎ᠡ ᠰᠢᠯᠳᠠᠭᠠᠨ ᠪᠠᠰᠠ ᠪᠠᠶᠢᠨ᠎ᠠ᠃ ᠪᠠᠶᠢᠭᠠᠯᠢ ᠤᠷᠴᠢᠨ ᠬᠡᠳᠦ ᠪᠤᠬᠢᠷᠳᠤᠵᠤ᠂ ᠡᠯᠳᠡᠪ ᠬᠤᠤᠷᠳᠤ ᠡᠪᠡᠳᠴᠢᠨ ᠡᠭᠦᠰᠭᠡᠭᠴᠢ ᠦᠷ᠎ᠡ ᠲᠠᠭᠠᠪᠤᠷᠢ ᠮᠠᠰᠢ ᠡᠯᠪᠡᠭᠰᠢᠭᠰᠡᠨ ᠦᠨᠦ ᠶ᠋ᠢᠨ ᠨᠦᠬᠦᠴᠡᠯ ᠳ᠋ᠤ ᠴᠢᠨ᠋ᠸ᠎ᠠ ᠵᠢᠩᠬᠢᠨᠢ ᠠᠷᠢᠭᠤᠳᠬᠠᠭᠴᠢ᠂ ᠴᠡᠪᠡᠷᠯᠡᠭᠴᠢ᠂ ᠤᠰᠠᠳᠬᠠᠭᠴᠢ ᠶ᠋ᠢᠨ ᠡᠭᠦᠷᠭᠡ ᠵᠢ ᠤᠳᠤ ᠯᠡ ᠮᠠᠰᠢ ᠴᠢᠳᠠᠮᠠᠭᠠᠢ ᠭᠦᠢᠴᠡᠳᠭᠡᠬᠦ ᠪᠤᠯᠵᠤ ᠪᠠᠶᠢᠨ᠎ᠠ᠃ ᠡᠨ᠋ᠨ ᠨᠢ ᠴᠢᠨ᠋ᠸ᠎ᠠ ᠶ᠋ᠢᠨ ᠢᠳᠡᠬᠦ ᠵᠦᠢᠯ ᠬᠤᠪᠤᠷ ᠬᠤᠮᠰᠠ ᠪᠤᠯᠵᠤ ᠪᠠᠶᠢᠭ᠎ᠠ ᠲᠠᠢ ᠴᠤ ᠬᠤᠯᠪᠤᠭ᠎ᠠ ᠲᠠᠢ᠃ ᠴᠢᠨ᠋ᠸ᠎ᠠ ᠪᠤᠯ ᠡᠯᠳᠡᠪ ᠮᠡᠷᠡᠭᠴᠢᠳ᠂ ᠬᠠᠯᠳᠠᠪᠤᠷᠢ ᠲᠠᠢ ᠬᠠᠯᠳᠠᠪᠤᠷᠢ ᠦᠭᠡᠢ ᠮᠠᠯ ᠠᠮᠢᠳᠠᠨ᠂ ᠰᠡᠭ ᠢᠮ ᠢ ᠢᠳᠡᠵᠤ ᠠᠷᠢᠯᠭᠠᠨ ᠭᠠᠵᠠᠷ ᠨᠤᠳᠤᠭ ᠢ ᠠᠷᠢᠭᠤᠳᠬᠠᠬᠤ ᠡᠴᠠ ᠭᠠᠳᠠᠨ᠎ᠠ᠂ ᠠᠮᠢᠳᠠᠨ ᠤ ᠭᠢᠰᠭᠢᠵᠤ ᠪᠤᠬᠢᠷᠯᠠᠨ ᠬᠠᠶᠠᠭᠰᠠᠨ ᠪᠤᠶᠤ ᠢᠯᠵᠠᠷᠠᠵᠤ ᠵᠠᠪᠠᠭᠠᠷᠠᠭᠰᠠᠨ ᠵᠢᠮᠰᠠ ᠵᠢ ᠨᠢ ᠬᠦᠷᠳᠡᠯ᠎ᠡ ᠢᠳᠡᠵᠤ᠂ ᠡᠯᠳᠡᠪ ᠬᠠᠯᠳᠠᠪᠤᠷᠢ ᠲᠦᠭᠡᠬᠦ ᠡᠴᠠ ᠬᠠᠮᠠᠭᠠᠯᠠᠵᠤ ᠪᠠᠶᠢᠨ᠎ᠠ᠃ ᠴᠢᠨ᠋ᠸ᠎ᠠ ᠬᠤᠤᠷᠳᠠᠢ ᠢᠯᠠᠭ᠎ᠠ ᠰᠢᠮᠠᠭᠤᠯ᠂ ᠦᠳᠦ ᠬᠤᠷᠤᠬᠠᠢ ᠵᠢ ᠬᠦᠷᠳᠡᠯ᠎ᠡ ᠢᠩᠭᠢᠵᠤ ᠴᠡᠪᠡᠷᠯᠡᠵᠤ ᠪᠠᠶᠢᠨ᠎ᠠ᠃ ᠳ᠋ᠠᠨᠮᠠᠷᠺ᠂ ᠹᠢᠨᠯᠠᠳ᠋᠂ ᠰᠸᠸᠳ᠋ᠸᠨ ᠤ ᠪᠠᠶᠢᠭᠠᠯᠢ ᠶ᠋ᠢᠨ ᠤᠷᠴᠢᠨ ᠢ ᠬᠠᠮᠠᠭᠠᠯᠠᠬᠤ ᠨᠡᠶᠢᠭᠡᠮᠯᠢᠭ ᠤᠳ ᠠᠯᠢ ᠤᠯᠠᠨ ᠵᠢᠯ ᠤᠨ ᠡᠮᠦᠨ᠎ᠡ ᠴᠢᠨ᠋ᠸ᠎ᠠ ᠨᠤᠬᠠᠢ ᠵᠢᠭᠡᠭᠡ ᠵᠢ ᠬᠠᠤᠯᠢ ᠪᠠᠷ ᠬᠠᠮᠠᠭᠠᠯᠠᠵᠤ ᠦᠭᠬᠦ ᠵᠢ ᠱᠠᠭᠠᠷᠳᠠᠵᠤ ᠪᠠᠶᠢᠯ᠎ᠠ᠃ 《 ᠲᠠ ᠨᠠᠷ ᠶᠠᠭᠤ ᠭᠡᠵᠤ ᠦᠷ᠎ᠡ ᠬᠡᠦᠬᠡᠳ ᠢᠶᠡᠨ ᠴᠠᠭᠠᠨ᠎ᠠ ᠴᠢᠨᠢ ᠴᠢᠨ᠋ᠸ᠎ᠠ ᠭᠡᠵᠤ ᠠᠶᠤᠯᠭᠠᠨ᠎ᠠ ᠪᠤᠢ᠂ ᠴᠢᠨ᠋ᠸ᠎ᠠ ᠤᠬᠠᠭᠠᠨ ᠲᠠᠢ᠂ ᠬᠡᠦᠬᠡᠳ ᠪᠠᠭᠠᠴᠤᠳ ᠲᠤ ᠶᠠᠮᠠᠷ ᠴᠤ ᠠᠶᠤᠯ ᠦᠭᠡᠢ ᠠᠷᠢᠶᠠᠳᠠᠨ ᠰᠢᠤ ᠳ᠋ᠠ᠃ ᠡᠨ᠋ᠨ ᠶᠠᠩᠵᠤ ᠪᠠᠷ ᠪᠤᠯ ᠬᠦᠮᠦᠰ ᠲᠠ ᠨᠠᠷ ᠬᠦᠭᠡᠷᠦᠬᠦᠢ ᠮᠠᠭᠤ ᠴᠢᠨ᠋ᠸ᠎ᠠ ᠪᠠᠨ ᠶᠠᠭᠤ ᠭᠡᠵᠤ ᠤᠰᠠᠳᠬᠠᠭᠠᠳ ᠬᠠᠶᠠᠴᠢᠬᠠᠪᠠ ᠳ᠋ᠠ ᠭᠡᠵᠤ ᠠᠮᠨ ᠪᠠᠨ ᠤᠳᠠᠬᠤ ᠦᠭᠡᠢ ᠪᠠᠷᠢᠬᠤ ᠪᠤᠢ 》 ᠭᠡᠵᠤ ᠪᠸᠯᠯᠡᠳᠢᠵᠦᠷ 《 ᠪᠠᠶᠢᠭᠠᠯᠢ ᠶ᠋ᠢᠨ ᠭᠤᠮᠤᠳᠠᠯ 》 ᠭᠡᠳᠡᠭ ᠨᠤᠮ ᠳ᠋ᠤ ᠪᠠᠨ ᠪᠢᠴᠢᠵᠡᠢ᠃ ᠲᠡᠭᠡᠭᠡᠳ ᠴᠢᠨ᠋ᠸ᠎ᠠ ᠬᠤᠪᠤᠷᠳᠠᠭᠰᠠᠭᠠᠷ ᠨᠢᠭᠡ ᠮᠡᠳᠡᠬᠦ ᠳ᠋ᠤ 《 ᠰᠡᠭᠦᠯᠴᠢ ᠶ᠋ᠢᠨ ᠴᠢᠨ᠋ᠸ᠎ᠠ 》 ᠭᠡᠰᠡᠨ ᠭᠤᠨᠢᠭᠳᠤ ᠲᠤᠷᠠᠳᠬᠠᠯ — ᠦᠭᠦᠯᠡᠯ ᠢ ᠪᠢᠴᠢᠵᠤ᠂ ᠰᠡᠭᠦᠯ ᠳ᠋ᠤ ᠪᠠᠨ ᠴᠢᠨ᠋ᠸ᠎ᠠ ᠶ᠋ᠢᠨ ᠲᠤᠬᠠᠢ ᠲᠤᠮᠤᠭ ᠬᠦᠦᠷᠨᠢᠵᠤ ᠰᠠᠭᠤᠬᠤ ᠤᠯᠵᠤ ᠪᠠᠶᠢᠨ᠎ᠠ ᠰᠢᠤ᠃     

      ᠬᠤᠪᠢᠯᠠᠢ ᠬᠠᠭᠠᠨ ᠪᠦᠬᠦ ᠲᠦᠷᠦᠯ ᠤᠨ ᠠᠩ᠌ ᠠᠮᠢᠳᠠᠨ ᠢ ᠦᠷᠡᠵᠢᠵᠤ ᠲᠦᠯᠯᠡᠬᠦ ᠦᠶ᠎ᠡ ᠳ᠋ᠤ ᠨᠢ ᠠᠪᠠᠯᠠᠭᠤᠯᠳᠠᠭ ᠦᠭᠡᠢ᠂ ᠵᠦᠷᠢᠴᠡᠪᠡᠯ ᠬᠠᠳᠠᠭᠤ ᠴᠡᠭᠡᠷᠯᠡᠭᠦᠯᠳᠡᠭ ᠪᠠᠶᠢᠭᠰᠠᠨ᠃ ᠴᠢᠨ᠋ᠸ᠎ᠠ ᠶ᠋ᠢᠨ ᠪᠡᠯᠳᠡᠷᠭᠡ ᠵᠢ ᠰᠤᠶᠢᠯᠡᠵᠤ ᠪᠤᠯᠤᠨ᠎ᠠ᠂ ᠬᠠᠷᠢᠨ ᠬᠢᠳᠤᠵᠤ ᠪᠤᠯᠬᠤ ᠦᠭᠡᠢ᠂ ᠬᠡᠷᠬᠢᠪᠡᠴᠦ ᠪᠤᠯᠬᠤ ᠦᠭᠡᠢ᠃ ᠶᠠᠮᠠᠷ ᠴᠤ ᠬᠡᠮ ᠵᠢᠮ ᠦᠭᠡᠢ ᠨᠢᠯᠬ᠎ᠠ ᠠᠮᠢᠳᠠᠨ ᠢ ᠬᠢᠳᠤᠭᠰᠠᠨ ᠲᠡᠶᠢᠮᠦ ᠮᠦᠰᠦᠨ ᠵᠢᠷᠦᠬᠡ ᠲᠠᠢ ᠬᠦᠮᠦᠰ ᠲᠠᠢ ᠲᠡᠮᠡᠴᠡᠬᠦ ᠶᠤᠰᠤᠳᠠᠢ᠃ ᠪᠡᠯᠳᠡᠷᠭᠡ ᠵᠢ ᠰᠤᠶᠢᠯᠠᠭᠠᠳ ᠶᠠᠭᠠᠬᠢᠬᠤ ᠪᠤᠢ᠂ ᠲᠡᠭᠦᠨ ᠢ ᠲᠡᠵᠢᠭᠡᠵᠤ ᠨᠠᠰᠤ ᠬᠦᠢᠰᠦ᠂ ᠦᠰᠦ ᠠᠷᠠᠰᠤ ᠭᠦᠢᠴᠡᠭᠰᠡᠨ ᠲᠤᠮᠤ ᠴᠢᠨ᠋ᠸ᠎ᠠ ᠪᠤᠯᠭᠠᠭᠠᠳ ᠰᠠᠶᠢ ᠤᠨᠠᠭᠠᠬᠤ ᠬᠡᠷᠡᠭᠳᠡᠢ᠃ ᠪᠡᠯᠳᠡᠷᠭᠡ ᠲᠡᠵᠢᠭᠡᠬᠦ ᠳ᠋ᠤ ᠪᠠᠰᠠ ᠨᠢᠭᠡ ᠴᠢᠬᠤᠯᠨ ᠤᠴᠢᠷ ᠪᠠᠶᠢᠨ᠎ᠠ᠃ ᠤᠳᠤ ᠴᠢᠨ᠋ᠸ᠎ᠠ ᠬᠤᠪᠤᠷᠳᠠᠵᠤ᠂ ᠵᠢᠩᠭᠢᠨᠢ ᠴᠢᠨ᠋ᠸ᠎ᠠ ᠦᠵᠡᠭᠰᠡᠨ ᠬᠦᠮᠦᠨ ᠴᠦᠬᠡᠷᠡᠵᠤ ᠪᠠᠶᠢᠨ᠎ᠠ᠃ ᠲᠠᠷᠪᠠᠭ᠎ᠠ ᠵᠢ ᠦᠨᠡᠭᠡ ᠭᠡᠵᠤ᠂ ᠦᠨᠡᠭᠡ ᠵᠢ ᠴᠢᠨ᠋ᠸ᠎ᠠ ᠭᠡᠵᠤ ᠪᠠᠶᠢᠭ᠎ᠠ ᠵᠢᠷᠨ ᠲᠦᠭᠦᠭᠰᠡᠨ᠂ ᠬᠡᠳᠦᠷᠡᠭᠰᠡᠨ ᠬᠤᠶᠠᠷ ᠬᠦᠮᠦᠨ ᠦᠵᠡᠯ᠎ᠡ᠃ ᠪᠡᠯᠳᠡᠷᠭᠡ ᠲᠡᠵᠢᠭᠡᠬᠦ ᠭᠠᠵᠠᠷ ᠲᠤ ᠲᠡᠷᠡᠬᠡᠨ ᠬᠤᠭᠤᠴᠠᠭᠠᠨ ᠳ᠋ᠤ ᠪᠠᠨ ᠦᠵᠡᠮᠦᠷᠢ ᠶ᠋ᠢᠨ ᠭᠠᠵᠠᠷ ᠪᠠᠶᠢᠬᠤ ᠶᠤᠰᠤᠳᠠᠢ᠃ ᠬᠡᠦᠬᠡᠳ ᠪᠠᠭᠠᠴᠤᠳ᠂ ᠬᠦᠮᠦᠰ ᠪᠡᠯᠳᠡᠷᠭᠡ ᠡᠴᠠ ᠲᠤᠮᠤ ᠴᠢᠨ᠋ᠸ᠎ᠠ ᠪᠤᠯᠳᠠᠯ᠎ᠠ ᠦᠵᠡᠵᠤ ᠨᠢᠳᠦ ᠲᠠᠶᠢᠯᠤᠭ᠂ ᠡᠪ ᠢ ᠨᠢ ᠦᠵᠡᠵᠤ ᠵᠤᠬᠢᠶᠠᠨ ᠪᠠᠶᠢᠭᠤᠯᠤᠨ᠂ ᠦᠵᠡᠭᠴᠢᠳ ᠡᠴᠠ ᠪᠢᠴᠢᠬᠠᠨ ᠮᠦᠩᠬᠦ ᠬᠤᠷᠢᠶᠠᠵᠤ᠂ ᠲᠡᠷᠨ ᠮᠦᠩᠬᠦ ᠵᠢ ᠴᠢᠨ᠋ᠸ᠎ᠠ ᠪᠠᠨ ᠲᠡᠵᠢᠭᠡᠬᠦ ᠵᠠᠷᠤᠳᠠᠯ ᠳ᠋ᠤ ᠵᠤᠷᠢᠭᠤᠯᠵᠤ ᠪᠤᠯᠤᠨ᠎ᠠ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ