ᠴᠢᠨ᠋ᠸ᠎ᠠ ᠶ᠋ᠢᠨ ᠲᠤᠬᠠᠢ ᠮᠡᠳᠡᠭᠦᠰᠢᠳᠠᠢ ( ᠨᠢᠭᠡ )

ᠤᠩᠰᠢᠭᠰᠠᠨ ᠤᠳᠠᠭ᠎ᠠ ᠄ 1064    ᠨᠡᠶᠢᠳᠡᠯᠡᠭᠰᠡᠨ ᠴᠠᠭ ᠄ 2016-07-22

     ᠴᠢᠨ᠋ᠸ᠎ᠠ ᠪᠤᠯ ᠦᠪᠡᠷ ᠤᠨ ᠡᠷ᠎ᠡ ᠴᠢᠳᠠᠯ ᠢᠶᠠᠷ ᠢᠶᠡᠨ ᠡᠳᠦᠢ ᠬᠦᠷᠳᠡᠯ᠎ᠡ ᠠᠮᠢᠳᠤᠷᠠᠵᠤ ᠪᠠᠶᠢᠭ᠎ᠠ ᠴᠤᠷ ᠤᠨ ᠭᠠᠭᠴᠠ ᠠᠷᠢᠶᠠᠳᠠᠨ ᠮᠦᠨ᠃ ᠴᠢᠨ᠋ᠸ᠎ᠠ ᠵᠢ ᠮᠠᠨ ᠤ ᠠᠷᠠᠳ ᠲᠦᠮᠡᠨ ᠮᠠᠭᠤ ᠦᠵᠡᠳᠡᠭ ᠦᠭᠡᠢ ᠪᠠᠶᠢᠭᠰᠠᠨ ᠶᠤᠮ᠃ ᠴᠢᠨ᠋ᠸ᠎ᠠ ᠪᠤᠯ ᠬᠡᠶᠢᠮᠦᠷᠢ᠂ ᠴᠤᠭ ᠵᠤᠯᠪᠤᠭᠠᠨ ᠤ ᠪᠡᠯᠭᠡ ᠲᠡᠮᠳᠡᠭ᠃ ᠴᠢᠨ᠋ᠸ᠎ᠠ ᠤᠯᠢᠬᠤ ᠳ᠋ᠤ ᠲᠡᠷᠨ ᠨᠤᠳᠤᠭ ᠤᠨ ᠠᠭᠤᠯᠨ ᠤᠰᠤ᠂ ᠤᠢ ᠮᠤᠳᠤ᠂ ᠠᠩ᠌ ᠠᠷᠢᠶᠠᠳᠠᠨ᠂ ᠮᠠᠯ ᠰᠦᠷᠦᠭ ᠤᠨ ᠬᠡᠶᠢᠮᠦᠷᠢ ᠰᠡᠷᠭᠦᠵᠤ᠂ ᠲᠡᠨᠳᠡ ᠴᠢᠨ᠋ᠸ᠎ᠠ ᠪᠠᠶᠢᠨ᠎ᠠ᠂ ᠰᠤᠨᠤᠷ ᠰᠡᠷᠭᠡᠭ ᠪᠠᠶᠢᠬᠤ ᠬᠡᠷᠡᠭᠳᠡᠢ ᠭᠡᠵᠤ ᠤᠬᠠᠭᠠᠷᠠᠳᠠᠭ᠃ ᠴᠢᠨ᠋ᠸ᠎ᠠ ᠶ᠋ᠢᠨ ᠤᠯᠢᠯᠳᠠ ᠰᠤᠨᠤᠰᠤᠭᠰᠠᠨ ᠬᠦᠮᠦᠨ᠂ ᠲᠡᠷᠨ ᠵᠢᠯ ᠳ᠋ᠤ ᠪᠠᠨ ᠴᠤᠪᠤᠭᠤ ᠴᠤᠯᠭᠢᠨ ᠶᠠᠪᠤᠨ᠎ᠠ ᠭᠡᠳᠡᠭ᠃ ᠴᠢᠨ᠋ᠸ᠎ᠠ ᠦᠵᠡᠭᠰᠡᠨ ᠬᠦᠮᠦᠨ ᠢ ᠠᠵᠠ ᠬᠡᠶᠢᠮᠦᠷᠢ ᠲᠠᠢ ᠬᠦᠮᠦᠨ ᠭᠡᠳᠡᠭ᠃ ᠴᠢᠨ᠋ᠸ᠎ᠠ ᠡᠯᠪᠡᠭ ᠪᠠᠶᠢᠭᠰᠠᠨ ᠴᠠᠭ ᠤᠯᠠᠨ ᠵᠠᠭᠤᠨ ᠵᠢᠯ ᠤᠨ ᠲᠡᠷᠭᠡᠳᠡᠬᠢ ᠶᠠᠪᠤᠳᠠᠯ ᠪᠢᠰᠢ᠃ ᠶᠤᠰᠤᠳᠠᠢ ᠯᠨ ᠴᠠᠭ ᠲᠤ ᠪᠠᠨ ᠴᠠᠯᠭᠢᠭᠤᠯᠵᠤ ᠪᠠᠶᠢᠭᠰᠠᠨ ᠦᠶ᠎ᠡ ᠲᠠᠢ᠃ ᠨᠤᠬᠠᠢ ᠭᠡᠷ ᠤᠨ ᠠᠮᠢᠳᠠᠨ ᠪᠤᠯᠤᠭᠠᠳ ᠰᠠᠶᠢᠨ ᠤ ᠨᠡᠷ᠎ᠡ ᠡᠴᠠ ᠰᠠᠯᠤᠭᠰᠠᠨ ᠦᠭᠡᠢ᠂ ᠭᠡᠳᠡᠯ᠎ᠡ ᠴᠢᠨ᠋ᠸ᠎ᠠ ᠨᠢᠳᠦᠨ ᠳ᠋ᠤ ᠤᠷᠤᠭᠰᠠᠨ ᠬᠤᠭ ᠮᠢᠬᠠᠨ ᠳ᠋ᠤ ᠤᠷᠤᠭᠰᠠᠨ ᠦᠷᠭᠡᠰᠦ ᠰᠢᠭ ᠮᠠᠭᠤ ᠶ᠋ᠢᠨ ᠨᠡᠷ᠎ᠡ ᠡᠴᠠ ᠰᠠᠯᠤᠭᠰᠠᠨ ᠦᠭᠡᠢ᠃ ᠴᠢᠨ᠋ᠸ᠎ᠠ ᠨᠣᠬᠠᠢ ᠬᠤᠶᠠᠷ ᠠᠮᠢᠳᠤᠷᠠᠬᠤ ᠨᠠᠰᠤᠨ ᠤ ᠬᠤᠭᠤᠴᠠᠭ᠎ᠠ ᠤᠶᠢᠷᠠᠯᠴᠠᠭ᠎ᠠ ᠠᠷᠪᠠᠨ ᠲᠠᠪᠤᠨ ᠵᠢᠯ ᠤᠷᠴᠢᠮ ᠪᠤᠯᠤᠯᠳᠠᠢ᠃ ᠬᠤᠶᠠᠭᠤᠯᠨ ᠶ᠋ᠢᠨ ᠬᠢᠨᠢ ᠰᠤᠨᠤᠰᠬᠤ ᠴᠢᠳᠠᠪᠤᠷᠢ ᠠᠳᠠᠯᠢᠬᠠᠨ᠂ ᠡᠪᠡᠰᠦᠨ ᠤ ᠰᠡᠷᠴᠢᠬᠢᠨᠡᠬᠦ ᠴᠢᠮᠡᠭᠡ ᠵᠢ ᠲᠠᠪᠢᠨ ᠮᠸᠲ᠋ᠷ ᠤᠨ ᠴᠠᠭᠠᠨ᠎ᠠ ᠡᠴᠠ ᠰᠤᠨᠤᠰᠤᠨ᠎ᠠ᠃ ᠠᠯᠢᠪᠠ ᠠᠨᠢᠷ ᠴᠢᠮᠡᠭᠡ ᠵᠢ ᠠᠳᠠᠯᠢᠬᠠᠨ ᠢᠯᠭᠠᠨ᠎ᠠ᠃     ᠪᠧᠶᠢᠺᠲ᠋ᠤᠷ ᠭᠶᠤᠭᠤ ᠶ᠋ᠢᠨ 《 ᠫᠠᠷᠢᠰ ᠤᠨ ᠳ᠋ᠠᠷ᠎ᠠ ᠡᠬᠡ ᠶ᠋ᠢᠨ ᠰᠦᠮ᠎ᠡ 》 ᠭᠡᠳᠡᠭ ᠷᠤᠮᠠᠨ ᠳ᠋ᠤ ᠠᠷᠪᠠᠨ ᠲᠠᠪᠤᠳᠤᠭᠠᠷ ᠵᠠᠭᠤᠨ ᠤ ᠦᠶ᠎ᠡ ᠳ᠋ᠤ ᠰᠠᠢᠨ ᠮᠦᠷᠡᠨ ᠫᠠᠷᠢᠰ ᠤᠨ ᠲᠡᠭᠦᠷᠭᠡ ᠶ᠋ᠢᠨ ᠲᠠᠪᠤᠨᠨ ᠠᠷᠠᠯ ᠢ ᠲᠤᠭᠤᠷᠢᠨ ᠤᠷᠤᠰᠳᠠᠭ ᠪᠠᠶᠢᠬᠤ ᠳ᠋ᠤ᠂ ᠲᠡᠷᠨ ᠲᠠᠪᠤᠨ ᠠᠷᠠᠯ ᠤᠨ ᠨᠢᠭᠡ ᠵᠢ ᠴᠢᠨᠤᠳᠤ ᠠᠷᠠᠯ ᠭᠡᠳᠡᠭ ᠪᠠᠶᠢᠵᠠᠢ᠃ ᠴᠢᠨ᠋ᠸ᠎ᠠ ᠦᠭᠡᠢ ᠪᠤᠯ ᠮᠤᠳᠤ ᠦᠨᠦᠴᠢᠷᠡᠳᠡᠭ ᠭᠡᠨ᠎ᠡ᠃ ᠲᠡᠷᠨ ᠴᠢᠨᠤᠳᠤ ᠠᠷᠠᠯ ᠨᠢ ᠡᠬᠢᠯᠡᠭᠡᠳ ᠴᠢᠨ᠋ᠸ᠎ᠠ ᠪᠠᠨ ᠲᠠᠷᠠᠭ᠎ᠠ ᠨᠢ ᠮᠤᠳᠤ ᠪᠠᠨ ᠲᠠᠭᠤᠰᠬᠠᠭᠠᠳ᠂ ᠲᠡᠭᠡᠭᠡᠳ ᠯᠡ ᠶᠡᠬᠡ ᠫᠠᠷᠢᠰ ᠤᠨ ᠬᠤᠳᠠ ᠴᠤᠭᠴᠠᠯᠠᠬᠤ ᠨᠢᠭᠡ ᠬᠡᠰᠡᠭ ᠪᠤᠯᠤᠭ᠎ᠠ ᠪᠢᠵᠠ᠂ ᠹᠷᠠᠨᠼᠢ ᠤᠯᠤᠰ ᠰᠡᠭᠦᠯᠴᠢ ᠶ᠋ᠢᠨ ᠴᠢᠨ᠋ᠸ᠎ᠠ ᠪᠠᠨ 1911 ᠤᠨ ᠳ᠋ᠤ ᠮᠠᠰᠢ ᠲᠡᠦᠬᠡ ᠲᠡᠢ ᠪᠠᠷ ᠤᠰᠠᠳᠬᠠᠪᠠ᠃ ᠰᠸᠢᠰ ᠤᠨ ᠬᠢᠯᠢ ᠳ᠋ᠤ ᠤᠶᠢᠷ᠎ᠡ ᠮᠤᠷᠠᠰᠲ᠋ᠸᠯ ᠬᠤᠳᠠ ᠶ᠋ᠢᠨ ᠤᠷᠴᠢᠮ ᠲᠠᠪᠢᠨ ᠺᠢᠯᠤᠮᠸᠲ᠋ᠷ ᠭᠠᠵᠠᠷ᠂ ᠡᠵᠡᠨ ᠬᠠᠭᠠᠨ ᠢ ᠠᠩ᠌ ᠬᠤᠮᠤᠷᠭ᠎ᠠ ᠪᠠᠷ ᠴᠡᠩᠬᠡᠭᠡᠨ ᠪᠠᠶᠠᠰᠬᠠᠵᠤ ᠪᠠᠶᠢᠭ᠎ᠠ ᠶᠤᠮ ᠰᠢᠭ᠋ ᠬᠤᠶᠠᠷ ᠮᠢᠩᠭᠠᠨ ᠦᠷᠭᠦᠭᠡᠭᠴᠢ᠂ ᠮᠢᠩᠭᠠᠨ ᠠᠩᠴᠢᠨ᠂ ᠭᠤᠷᠪᠠᠨ ᠨᠢᠰᠬᠦ ᠤᠩᠭᠤᠴᠠ ᠬᠤᠯᠪᠤᠭᠠᠨ ᠤ ᠪᠦᠷᠢᠨ ᠲᠦᠬᠦᠭᠡᠷᠦᠯᠵᠢ ᠲᠠᠢ ᠵᠢᠷᠨ ᠭᠠᠷᠤᠢ ᠴᠡᠷᠢᠭ ᠴᠠᠭᠳᠠᠭ᠎ᠠ ᠭᠠᠷᠭᠠᠵᠤ ᠪᠠᠶᠢᠭᠠᠳ ᠨᠤᠳᠤᠷᠴᠠᠢ᠃

      ᠠᠩᠭᠯᠢ ᠰᠡᠭᠦᠯᠴᠢ ᠶ᠋ᠢᠨ ᠢᠶᠡᠨ ᠴᠢᠨ᠋ᠸ᠎ᠠ ᠵᠢ 1880 ᠤᠨ ᠳ᠋ᠤ ᠤᠰᠠᠳᠬᠠᠵᠠᠢ᠃ ᠲᠡᠷᠨ ᠭᠠᠵᠠᠷ ᠢᠶᠡᠨ ᠴᠢᠨ᠋ᠸ᠎ᠠ ᠳ᠋ᠤ ᠵᠤᠷᠢᠭᠤᠯᠤᠭᠰᠠᠨ ᠬᠦᠰᠢᠶ᠎ᠡ ᠪᠤᠰᠬᠠᠪᠠ᠃ ᠡᠭᠦᠨ ᠡᠴᠠ ᠬᠤᠶᠢᠰᠢ ᠵᠢᠷᠠᠨ ᠭᠤᠷᠪᠠᠨ ᠵᠢᠯ ᠤᠨ ᠲᠠᠷᠠᠭ᠎ᠠ ᠨᠢ ᠰᠺᠦᠯᠠᠨᠳ᠋ ᠰᠡᠭᠦᠯᠴᠢ ᠶ᠋ᠢᠨ ᠢᠶᠡᠨ ᠴᠢᠨ᠋ᠸ᠎ᠠ ᠵᠢ ᠤᠰᠠᠳᠬᠠᠪᠠ᠃ ᠲᠠᠯᠠᠭᠠᠳ ᠤᠨᠨ ᠤ ᠮᠡᠳᠡᠭᠡᠨ ᠳ᠋ᠤ ᠢᠰᠫᠠᠨᠢ᠂ ᠢᠲ᠋ᠠᠯᠢ᠂ ᠰᠺᠠᠨᠳᠢᠨᠠᠸ ᠪᠤᠯᠤᠨ ᠪᠧᠯᠭᠢ ᠶ᠋ᠢᠨ ᠤᠷᠤᠨ ᠨᠤᠭᠤᠳ ᠤᠨ ᠴᠢᠨ᠋ᠸ᠎ᠠ ᠬᠤᠪᠤᠷᠳᠠᠵᠠᠢ᠃ ᠲᠡᠷᠨ ᠦᠶ᠎ᠡ ᠳ᠋ᠤ ᠨᠤᠷᠸᠠᠢ᠂ ᠰᠸᠸᠳ᠋ᠸᠨ ᠲᠤᠰ ᠪᠦᠷᠢ ᠵᠢᠷᠭᠤᠭ᠎ᠠ ᠤᠷᠴᠢᠮ ᠴᠢᠨ᠋ᠸ᠎ᠠ ᠲᠠᠢ ᠭᠡᠰᠡᠨ ᠢᠶᠡᠨ ᠠᠷᠠᠢ ᠰᠡᠭᠦᠯ ᠤᠨ ᠮᠡᠳᠡᠭᠡᠨ ᠳ᠋ᠤ ᠠᠷᠪᠠᠨ ᠲᠠᠪᠤᠨ ᠴᠢᠨ᠋ᠸ᠎ᠠ ᠲᠠᠢ ᠂ ᠹᠢᠨᠯᠠᠨᠳ᠋ ᠮᠦᠨ ᠡᠨ᠋ᠨ ᠤᠷᠴᠢᠮ ᠴᠢᠨ᠋ᠸ᠎ᠠ ᠲᠠᠢ ᠪᠠᠶᠢᠪᠠ᠃ ᠢᠲ᠋ᠠᠯᠢ ᠤᠯᠤᠰ ᠭᠤᠴᠢᠬᠠᠨ ᠴᠢᠨ᠋ᠸ᠎ᠠ ᠦᠯᠡᠳᠡᠭᠰᠡᠨ ᠢ ᠮᠡᠳᠡᠮᠡᠭᠴᠡ ᠲᠡᠭᠦᠨ ᠢ ᠠᠩᠨᠠᠬᠤ ᠵᠢ ᠬᠤᠷᠢᠭᠰᠠᠨ ᠬᠠᠤᠯᠢ ᠭᠠᠷᠭᠠᠪᠠ᠃ ᠭᠡᠪᠡᠴᠦ ᠬᠤᠯᠠᠭᠠᠢ ᠶ᠋ᠢᠨ ᠠᠩᠴᠢᠳ ᠠᠷᠪᠠᠨ ᠲᠠᠪᠤᠨ ᠴᠢᠨ᠋ᠸ᠎ᠠ ᠵᠢ ᠨᠢ ᠠᠩᠨᠠᠭᠰᠠᠨ ᠮᠡᠳᠡᠭᠡ ᠰᠡᠭᠦᠯ ᠳ᠋ᠤ ᠭᠠᠷᠤᠭᠠᠳ᠂ ᠲᠡᠭᠦᠨ ᠡᠴᠠ ᠬᠤᠶᠢᠰᠢ ᠲᠠᠬᠢᠨ ᠮᠡᠳᠡᠭᠡ ᠭᠠᠷᠤᠭᠰᠠᠨ ᠦᠭᠡᠢ᠃ ᠰᠡᠭᠦᠯ ᠳ᠋ᠤ ᠷᠤᠮᠨ ᠶ᠋ᠢᠨ ᠴᠢᠨ᠋ᠸ᠎ᠠ ᠦᠭᠡᠢ ᠪᠤᠯᠤᠯ᠎ᠠ ᠭᠡᠰᠡᠨ ᠮᠡᠳᠡᠭᠡ ᠭᠠᠷᠤᠭᠰᠠᠨ᠃ ᠱᠸᠪᠠᠶᠢᠴᠠᠷ᠎ᠠ ᠮᠦᠨ ᠢᠩᠭᠢᠵᠤ ᠮᠡᠳᠡᠭᠡᠯᠡᠭᠰᠡᠨ᠃ ᠬᠠᠩᠭᠠᠷᠢ 1987 ᠤᠨ ᠳ᠋ᠤ ᠮᠠᠨ ᠤ ᠬᠠᠮᠤᠭ ᠤᠨ ᠬᠦᠴᠦᠳᠠᠢ ᠠᠷᠢᠶᠠᠳᠠᠨ ᠦᠨᠡᠭᠡ ᠪᠤᠯᠤᠯ᠎ᠠ ᠭᠡᠵᠤ ᠬᠡᠪᠯᠡᠯ ᠳ᠋ᠤ ᠮᠡᠳᠡᠭᠡᠯᠡᠪᠡ᠃ ᠠᠮᠸᠷᠢᠺᠠ ᠶ᠋ᠢᠨ ᠵᠠᠷᠢᠮ ᠭᠠᠵᠠᠷ ᠤᠳᠤ ᠴᠢᠨ᠋ᠸ᠎ᠠ ᠵᠢ ᠤᠯᠤᠰ ᠤᠨ ᠬᠠᠮᠠᠭᠠᠯᠠᠯᠳᠠ ᠳ᠋ᠤ ᠠᠪᠴᠤ ᠪᠠᠶᠢᠨ᠎ᠠ ᠭᠡᠨ᠎ᠡ᠃ ᠭᠸᠷᠮᠠᠨ ᠤᠯᠤᠰ ᠪᠠᠰᠠ ᠰᠡᠭᠦᠯᠴᠢ ᠶ᠋ᠢᠨ ᠴᠢᠨ᠋ᠸ᠎ᠠ ᠪᠠᠨ ᠨᠤᠳᠤᠷᠤᠮᠠᠭᠴᠠ ᠲᠡᠷᠨ ᠭᠠᠵᠠᠷ ᠨᠢ ᠬᠦᠰᠢᠶ᠎ᠡ ᠪᠤᠰᠬᠠᠭᠰᠠᠨ ᠭᠡᠬᠦ᠃ ᠬᠤᠯᠪᠤᠭᠠᠳᠤ ᠤᠷᠤᠰ ᠲᠤ 1935 —1940 ᠤᠨ ᠤ ᠬᠤᠭᠤᠷᠤᠨᠳᠤ ᠠᠷᠪᠠᠨ ᠵᠢᠷᠭᠤᠭ᠎ᠠ ᠡᠴᠠ ᠲᠦᠮᠨ ᠶᠢᠰᠦᠨ ᠮᠢᠩᠭ᠎ᠠ ᠪᠤᠯᠳᠠᠯ᠎ᠠ ᠴᠦᠬᠡᠷᠡᠵᠤ᠂ 1942 ᠤᠨ ᠭᠡᠬᠦ ᠳ᠋ᠤ ᠲᠦᠮᠨ ᠤᠷᠴᠢᠮ ᠪᠤᠯᠵᠠᠢ ᠭᠡᠵᠤ ᠪᠠᠶᠢᠨ᠎ᠠ᠃ ᠬᠠᠯᠬ᠎ᠠ ᠮᠤᠩᠭᠤᠯ 1945 ᠤᠨ ᠳ᠋ᠤ ᠨᠢᠭᠡ ᠲᠦᠮᠨᠨ ᠵᠢᠷᠭᠤᠭᠠᠨ ᠮᠢᠩᠭᠠᠨ ᠴᠢᠨ᠋ᠸ᠎ᠠ ᠠᠪᠠᠯᠠᠵᠤ ᠪᠠᠶᠢᠭᠰᠠᠨ ᠪᠤᠯ 1979 ᠤᠨ ᠤ ᠦᠶ᠎ᠡ ᠳ᠋ᠤ ᠲᠦᠷᠪᠡᠨ ᠮᠢᠩᠭᠠᠨ ᠴᠢᠨ᠋ᠸ᠎ᠠ᠂ 1973 ᠤᠨ ᠳ᠋ᠤ ᠤᠯᠤᠰ ᠤᠨ ᠬᠡᠮᠵᠢᠶ᠎ᠡ ᠪᠡᠷ ᠨᠢᠭᠡᠨ ᠤᠳᠠᠭᠠᠨ ᠤ ᠠᠩᠨᠠᠯᠳᠠ ᠵᠤᠭᠢᠶᠠᠬᠣ ᠳ᠋ᠤ ᠲᠦᠷᠪᠡᠨ ᠵᠠᠭᠤ ᠭᠠᠷᠤᠢ ᠴᠢᠨ᠋ᠸ᠎ᠠ ᠠᠪᠠᠯᠠᠵᠠᠢ᠃ ᠬᠠᠯᠬ᠎ᠠ ᠳ᠋ᠤ ᠴᠢᠨ᠋ᠸ᠎ᠠ ᠦᠭᠡᠢ ᠪᠤᠯᠤᠭᠰᠠᠨ ᠪᠤᠶᠤ ᠴᠢᠨ᠋ᠸ᠎ᠠ ᠬᠡᠳᠦ ᠴᠦᠬᠡᠷᠡᠭᠰᠡᠨ ᠨᠤᠳᠤᠭ ᠤᠯᠠᠰᠢᠷᠠᠵᠤ ᠪᠠᠶᠢᠨ᠎ᠠ᠃ ᠡᠨ᠋ᠨ ᠪᠤᠯ ᠰᠡᠳᠭᠢᠯ ᠴᠠᠳᠬᠠᠬᠤ ᠪᠠᠷᠢᠮᠳᠠ ᠪᠢᠰᠢ᠂ ᠬᠠᠷ᠎ᠠ ᠴᠢᠨ᠋ᠸ᠎ᠠ ᠶ᠋ᠢᠨ ᠠᠷᠠᠰᠤ ᠮᠦᠽᠸᠢ ᠳ᠋ᠤ ᠨᠢ ᠦᠯᠡᠳᠡᠪᠡ ᠭᠡᠨ᠎ᠡ᠃ ᠲᠡᠯᠡᠬᠡᠢ ᠲᠠᠶᠠᠭᠠᠷ ᠢᠶᠡᠨ ᠴᠢᠨ᠋ᠸ᠎ᠠ ᠬᠤᠪᠤᠷᠳᠠᠯ᠎ᠠ᠃ ᠡᠧᠦᠢᠷᠦᠫᠠ ᠲᠢᠪ ᠤᠨ ᠬᠡᠮᠵᠢᠶ᠎ᠡ ᠪᠡᠷ ᠭᠤᠷᠪᠠᠨ ᠵᠠᠭᠤᠨ ᠴᠢᠨ᠋ᠸ᠎ᠠ ᠪᠠᠶᠢᠨ᠎ᠠ ᠭᠡᠰᠡᠨ ᠪᠠᠷᠢᠮᠳᠠ ᠪᠤᠢ᠃ ᠴᠢᠨ᠋ᠸ᠎ᠠ ᠶ᠋ᠢᠨ ᠠᠮᠨ ᠢᠳᠡᠭᠰᠡᠨ ᠴᠤ ᠤᠯᠠᠭᠠᠨ᠂ ᠡᠰᠡ ᠢᠳᠡᠭᠰᠡᠨ ᠴᠤ ᠤᠯᠠᠭᠠᠨ ᠭᠡᠳᠡᠭ ᠢᠶᠠᠷ ᠲᠠᠯᠢᠮ ᠠᠪᠴᠤ ᠬᠦᠭᠡᠷᠦᠬᠦᠢ ᠮᠠᠭᠤ ᠴᠢᠨ᠋ᠸ᠎ᠠ ᠵᠢ ᠬᠡᠳᠦᠷᠬᠡᠢ ᠬᠢᠯᠢᠰᠳᠡᠭᠦᠯᠦᠨ ᠤᠰᠠᠳᠬᠠᠵᠤ ᠪᠠᠶᠢᠭᠰᠠᠨ ᠶᠤᠮ ᠪᠠᠶᠢᠨ᠎ᠠ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ