ᠪᠠᠶᠠᠨ ᠬᠢᠭᠡᠳ ᠲᠡᠭᠦᠨ ᠤ ᠭᠤᠷᠪᠠᠨ ᠬᠦᠷᠬᠡᠨ

ᠤᠩᠰᠢᠭᠰᠠᠨ ᠤᠳᠠᠭ᠎ᠠ ᠄ 762    ᠨᠡᠶᠢᠳᠡᠯᠡᠭᠰᠡᠨ ᠴᠠᠭ ᠄ 2016-07-22

      ᠡᠷᠳᠡ ᠤᠷᠢᠳᠤ ᠴᠠᠭ ᠲᠤ ᠨᠢᠬᠡ ᠪᠠᠶᠠᠨ ᠬᠦᠮᠦᠨ ᠭᠤᠷᠪᠠᠨ ᠬᠦᠷᠬᠡᠨ ᠳᠠᠢ᠂ ᠶᠡᠬᠡ ᠬᠦᠷᠬᠡᠨ ᠨᠢ ᠪᠢᠴᠢᠭ ᠤᠨ ᠨᠤᠶᠠᠨ᠂ ᠬᠤᠶᠠᠳᠤᠭᠠᠷ ᠬᠦᠷᠬᠡᠨ ᠨᠢ ᠴᠡᠷᠢᠭ ᠤᠨ ᠨᠤᠶᠠᠨ᠂ ᠭᠤᠳᠠᠭᠠᠷ ᠬᠦᠷᠬᠡᠨ ᠨᠢ ᠡᠡᠭ ᠤᠨ ᠳᠠᠷᠢᠶᠠᠴᠢᠨ ᠬᠡᠨ᠎ᠠ᠃  ᠨᠢᠬᠡᠨ ᠡᠳᠤᠷ ᠡᠨᠡ ᠪᠠᠶᠠᠨ ᠵᠢᠷᠠᠨ ᠨᠢᠬᠡᠨ ᠨᠠᠰᠤᠨ ᠤ ᠪᠠᠶᠠᠷ ᠬᠢᠵᠦ᠂ ᠭᠤᠷᠪᠠᠨ ᠬᠦᠷᠬᠡᠨ ᠢᠶᠡᠨ ᠴᠦᠮ ᠤᠴᠢᠵᠦ ᠠᠪᠴᠢᠷᠠᠭᠰᠠᠨ ᠬᠡᠨ᠎ᠠ᠃ ᠶᠡᠬᠡ ᠪᠠ ᠬᠤᠶᠠᠳᠤᠭᠠᠷ ᠬᠦᠷᠬᠡᠨ ᠨᠢ ᠦᠪᠡᠷ ᠤᠨ ᠪᠡᠶ᠎ᠠ ᠪᠠᠨ ᠰᠤᠶᠤᠯ ᠮᠡᠳᠡᠯᠬᠡ ᠳᠠᠢ ᠨᠤᠶᠠᠨ ᠬᠦᠮᠦᠰ ᠬᠡᠮᠡᠨ ᠡᠷᠳᠤᠶᠢᠨ ᠰᠠᠭᠰᠤᠭᠤᠷᠠᠭᠠᠳ ᠳᠠᠷᠢᠶᠠᠴᠢᠨ ᠳᠡᠬᠦᠦ ᠬᠦᠷᠬᠡᠨ ᠢᠶᠡᠨ ᠨᠢᠳᠤᠨ ᠳ᠋ᠡᠭᠡᠨ ᠴᠦ ᠬᠠᠪᠴᠢᠬᠤ ᠦᠭᠡᠢ ᠬᠡᠨ᠎ᠠ᠃ ᠳᠠᠷᠢᠶᠠᠴᠢᠨ ᠬᠦᠷᠬᠡᠨ ᠨᠢ ᠪᠤᠯᠤᠡᠭ ᠴᠤᠯᠤᠡᠭ ᠳ᠋ᠤᠨᠢ ᠦᠬᠡ ᠳᠠᠭᠤᠨ ᠦᠭᠡᠢ ᠳᠤᠪ ᠳᠤᠭᠤᠢ ᠬᠠᠷᠠᠵᠤ ᠰᠠᠭᠤᠵᠤ ᠪᠠᠶᠢᠯ᠎ᠠ᠃ ᠳᠡᠮᠡᠢ ᠤᠳᠠᠭᠰᠠᠨ ᠦᠭᠡᠢ ᠪᠠᠶᠠᠷ ᠤᠨ ᠬᠤᠷᠢᠮ ᠡᠬᠢᠯᠡᠵᠦ᠂ ᠪᠠᠶᠠᠨ ᠡᠪᠤᠬᠡᠨ ᠭᠤᠷᠪᠠᠨ ᠬᠦᠷᠬᠡᠨ ᠳᠠᠢ ᠪᠠᠨ ᠨᠢᠬᠡᠨ ᠰᠢᠷᠡᠭᠡᠨ ᠳ᠋ᠥ ᠰᠠᠭᠤᠵᠤ ᠂ ᠠᠷᠢᠬᠢ ᠤᠤᠭᠤᠵᠤ ᠡᠬᠢᠯᠡᠯ᠎ᠠ᠃ ᠪᠠᠶᠠᠨ ᠡᠪᠤᠬᠡᠨ ᠬᠦᠷᠬᠡᠳ ᠢᠶᠡᠨ ᠠᠯᠢ ᠨᠢ ᠪᠤᠯᠪᠠᠴᠤ ᠨᠢᠬᠡᠨ ᠪᠠᠳᠠᠭ ᠰᠢᠯᠦᠭ ᠪᠤᠶᠤ ᠬᠤᠯᠪᠤᠭ᠎ᠠ ᠬᠡᠯᠡᠬᠡᠳ ᠰᠠᠶ᠋ᠢ ᠠᠷᠢᠬᠢ ᠤᠤᠭᠤᠭᠳᠤᠨ ᠭᠡᠵᠤ ᠵᠠᠬᠢᠭᠰᠠᠨ ᠪᠠᠶᠢᠵᠠᠢ᠃ ᠭᠤᠷᠪᠠᠨ ᠬᠦᠷᠬᠡᠨ ᠬᠠᠳᠠᠮ ᠡᠴᠢᠬᠡ ᠶ᠋ᠢᠨ ᠢᠶᠡᠨ ᠵᠠᠬᠢᠭᠰᠠᠨ ᠶᠤᠰᠤᠭᠠᠷ ᠳᠤᠰ ᠪᠦᠷᠢ ᠰᠢᠯᠦᠭ ᠵᠤᠬᠢᠶᠠᠨ ᠤᠡᠭᠰᠢᠵᠦ ᠡᠬᠢᠯᠡᠭᠰᠡᠨ ᠬᠡᠨ᠎ᠠ᠃ ᠶᠡᠬᠡ ᠬᠦᠷᠬᠡᠨ ᠤ ᠰᠢᠯᠦᠭᠯᠡᠭᠰᠡᠨ ᠨᠢ᠄  《 ᠪᠢ ᠪᠢᠴᠢᠭ ᠤᠨ ᠨᠤᠶᠠᠨ ᠪᠤᠯᠬᠤᠷ ᠨᠠᠪᠳᠠᠭᠠᠷ ᠬᠤᠶᠠᠷ ᠴᠢᠬᠢ ᠳᠠᠢ ᠮᠠᠯᠠᠭᠠᠢ ᠶ᠋ᠢ ᠬᠡᠳᠦᠷᠡᠵᠠᠢ 》 ᠬᠡᠳ ᠰᠢᠷᠡᠬᠡᠨ ᠳᠡᠬᠡᠷᠡᠬᠢ ᠫᠠᠨᠰᠠ ᠳᠠᠢ ᠳᠠᠬᠢᠶᠠᠨ ᠦᠨᠳᠡᠬᠡ ᠶ᠋ᠢ ᠵᠢᠭᠠᠵᠤ ᠪᠠᠶᠢᠭᠠᠳ᠄  《 ᠦᠨᠳᠡᠬᠡ ᠡᠴᠠ ᠳᠠᠬᠢᠶ᠎ᠠ ᠭᠠᠷᠴᠤ᠂ ᠳᠠᠬᠢᠶ᠎ᠠ ᠦᠨᠳᠡᠬᠡ ᠶ᠋ᠢ ᠳᠡᠵᠢᠬᠡᠳᠡᠭ᠃ ᠳᠠᠭᠠᠷᠠᠨ᠎ᠠ ᠤᠣ᠂ ᠦᠭᠡᠢ ᠤᠣ 》 ᠭᠡᠵᠤ ᠭᠡᠨ᠎ᠠ᠃ ᠬᠤᠶᠠᠳᠤᠭᠠᠷ ᠬᠦᠷᠬᠡᠨ ᠨᠢ ᠴᠦ ᠰᠢᠯᠦᠭᠯᠡᠵᠦ ᠡᠬᠢᠯᠡᠯ᠎ᠠ᠄ 《 ᠪᠢ ᠴᠡᠷᠢᠭ ᠤᠨ ᠨᠤᠶᠠᠨ ᠪᠤᠯᠬᠤᠷ ᠮᠥᠨ ᠴᠦ ᠨᠠᠪᠳᠠᠭᠠᠷ ᠬᠤᠶᠠᠷ ᠴᠢᠬᠢ ᠳᠠᠢ ᠮᠠᠯᠠᠭᠠᠢ ᠵᠡᠬᠦᠭᠰᠡᠨ ᠪᠠᠶᠢᠵᠠᠢ 》 ᠭᠡᠳ ᠰᠢᠷᠡᠬᠡᠨ ᠳᠡᠬᠡᠷᠡᠬᠢ ᠫᠠᠨᠰᠠ ᠳᠠᠢ ᠭᠠᠯᠠᠭᠤ ᠶ᠋ᠢᠨ ᠦᠨᠳᠡᠬᠡ ᠶ᠋ᠢ ᠵᠢᠭᠠᠵᠤ᠄ 《 ᠦᠨᠳᠡᠭᠡ ᠡᠴᠠ ᠭᠠᠯᠠᠭᠤ ᠭᠠᠷᠴᠤ᠂ ᠭᠠᠯᠠᠭᠤ ᠦᠨᠳᠡᠬᠡ ᠶ᠋ᠢ ᠳᠡᠵᠢᠭᠡᠳᠡᠭ᠃ ᠳᠠᠭᠠᠷᠠᠨ᠎ᠠ ᠤᠣ᠂ ᠦᠭᠡᠢ ᠤᠣ᠂ 》 ᠭᠡᠵᠤ ᠠᠰᠠᠭᠤᠯᠳᠠ ᠳᠠᠯᠪᠢᠪᠠ᠃  ᠭᠤᠷᠪᠠᠳᠤᠭᠠᠷ ᠬᠦᠷᠬᠡᠨ ᠨᠢ᠄ 《 ᠪᠢ ᠲᠠ ᠬᠤᠶᠠᠭᠤᠯᠠ ᠰᠢᠭ᠋ ᠨᠠᠪᠳᠠᠭᠠᠷ ᠬᠤᠶᠠᠷ ᠴᠢᠬᠢ ᠳᠠᠢ ᠮᠠᠯᠠᠭᠠᠢ ᠵᠡᠬᠦᠵᠦ ᠦᠭᠡᠢ᠃ ᠪᠢ ᠳᠠᠷᠢᠶ᠎ᠠ ᠳᠠᠷᠢᠵᠦ ᠲᠠ ᠬᠤᠶᠠᠭᠤᠯᠠ ᠶ᠋ᠢ ᠳᠡᠵᠢᠭᠡᠳᠡᠭ᠃ ᠳᠠᠭᠠᠷᠠᠨ᠎ᠠ ᠤᠣ᠂ ᠦᠭᠡᠢ ᠤᠣ᠂ 》 ᠭᠡᠵᠤ ᠠᠰᠠᠭᠤᠪᠠ᠃  ᠶᠡᠬᠡ ᠬᠦᠷᠬᠡᠨ ᠪᠤᠯᠤᠨ ᠬᠤᠶᠠᠳᠤᠭᠠᠷ ᠬᠦᠷᠬᠡᠨ ᠨᠢ ᠨᠢᠳᠤ ᠳᠤᠳᠤᠶᠢᠯᠭᠠᠨ ᠴᠢᠷᠠᠢ ᠬᠡᠬᠦᠶᠢᠨ ᠴᠤᠭ ᠢᠶᠠᠷ᠄ 《 ᠴᠢ ᠭᠡᠷᠬᠢᠬᠡᠳ ᠪᠢᠳᠡ ᠬᠤᠶᠠᠭᠤᠯᠠ ᠶ᠋ᠢ ᠳᠡᠵᠢᠭᠡᠭᠰᠡᠨ ᠶᠤᠮ ᠪᠤᠢ 》 ᠭᠡᠵᠤ ᠠᠰ ᠳᠤᠯᠭᠠᠨ ᠠᠰᠠᠭᠤᠪᠠ᠃ ᠭᠤᠷᠪᠠᠳᠤᠭᠠᠷ ᠬᠦᠷᠬᠡᠨ ᠨᠢ ᠦᠴᠦᠬᠡᠨ ᠴᠦ ᠪᠠᠴᠢᠮᠳᠠᠬᠤ ᠦᠭᠡᠢ᠂ ᠠᠯᠠᠭᠤᠷ ᠠᠭᠠᠵᠢᠮ ᠢᠶᠠᠷ᠄ 《 ᠳᠠᠨ ᠤ ᠢᠳᠡᠵᠦ ᠪᠠᠶᠢᠭ᠎ᠠ ᠠᠮᠤ ᠪᠤᠳᠠᠭ᠎ᠠ ᠴᠢᠨᠢ ᠳᠠᠷᠢᠶᠠᠴᠢᠨ ᠤ ᠳᠠᠷᠢᠭᠰᠠᠨ ᠪᠢᠰᠢ ᠤᠣ᠂ ᠪᠢ ᠳᠠᠷᠢᠶᠠᠴᠢᠨ᠂ ᠭᠡᠷᠬᠢᠨ ᠳᠠᠨ ‍ᠢ ᠳᠡᠵᠢᠭᠡᠭᠰᠡᠨ ᠦᠭᠡᠢ ᠭᠡᠵᠤ ᠬᠡᠯᠡᠵᠦ ᠪᠤᠯᠤᠨᠠᠮ 》 ᠭᠡᠵᠤ ᠬᠡᠯᠡᠭᠰᠡᠨ ᠳ᠋ᠥ᠂ ᠳᠡᠷᠡ ᠬᠤᠶᠠᠭᠤᠯᠠ ᠬᠡᠯᠡᠬᠦ ᠦᠬᠡ ᠤᠯᠬᠤ ᠦᠭᠡᠢ ᠪᠤᠯᠵᠤ᠂ ᠰᠠᠨᠳᠠᠯᠢ ᠳᠡᠭᠡᠷ᠎ᠠ ᠪᠠᠨ ᠯᠠᠭ ᠬᠢᠳᠡᠯ᠎ᠠ ᠰᠠᠭᠤᠯᠴᠠᠵᠤ᠂ ᠳᠠᠷᠢᠶᠠᠴᠢᠨ ᠬᠦᠷᠬᠡᠨ ‍ᠢ ᠬᠢᠯᠦᠶᠢᠨ ᠬᠠᠷᠠᠵᠤ ᠪᠠᠶᠢᠯ᠎ᠠ᠃ ᠪᠠᠶᠠᠨ ᠬᠠᠳᠠᠮ ᠡᠴᠢᠬᠡ ᠨᠢ ᠪᠠᠭ᠎ᠠ ᠬᠦᠷᠬᠡᠨ ᠤ ᠪᠠᠨ ᠦᠭᠡ ᠶ᠋ᠢ ᠨᠢᠬᠡᠳᠴᠤ ᠡᠷᠡᠤ ᠳᠤᠬᠢᠵᠦ ᠪᠠᠶᠢᠯ᠎ᠠ᠃ ᠡᠪᠤᠬᠡᠨ ᠪᠠᠶᠠᠨ ᠪᠠᠰᠠ ᠬᠦᠷᠬᠡᠳ ᠢᠶᠡᠨ ᠰᠢᠯᠦᠭ ᠰᠢᠯᠦᠭᠯᠡᠨ ᠬᠤᠯᠪᠤᠭ᠎ᠠ ᠬᠡᠯᠡᠵᠦ ᠪᠠᠶᠢᠭᠠᠳ ᠠᠷᠢᠬᠢ ᠤᠤᠭᠤᠭᠠᠷᠠᠢ ᠭᠡᠵᠤ ᠵᠠᠬᠢᠭᠰᠠᠨ ᠬᠡᠨ᠎ᠠ᠂ ᠶᠡᠬᠡ ᠬᠦᠷᠬᠡᠨ ᠨᠢ ᠲᠦᠷᠦᠬᠦᠯᠡᠨ ᠰᠢᠯᠦᠭ ᠰᠢᠯᠦᠭᠯᠡᠵᠦ ᠡᠬᠢᠯᠡᠯ᠎ᠠ᠃ 《 ᠮᠢᠨᠦ ᠦᠰᠦᠨ ᠪᠢᠷ ᠤᠨ ᠡᠰᠢ ᠶ᠋ᠢᠨ ᠨᠢᠬᠡᠨ ᠦᠵᠦᠬᠦᠷ ᠨᠢ ᠬᠤᠰᠢᠭᠤ ᠳᠠᠢ᠂ ᠨᠦᠬᠦᠬᠡ ᠦᠵᠦᠬᠦᠷ ᠨᠢ ᠪᠦᠬᠡᠷᠡᠡᠭᠭᠡᠢ᠃ ᠡᠨᠡ ᠪᠢᠷ ᠢᠶᠠᠷ ᠢᠶᠡᠨ ᠰᠢᠯᠭᠠᠯᠳᠠ ᠶ᠋ᠢᠨ ᠲᠠᠯᠠᠪᠤᠷ ᠲᠤ ᠰᠢᠯᠭᠠᠯᠳᠠ ᠬᠢᠵᠦ ᠪᠢᠴᠢᠭ ᠤᠨ ᠨᠤᠶᠠᠨ ᠪᠤᠯᠤᠭᠰᠠᠨ᠂ ᠡᠨᠡ ᠳᠠᠭᠠᠷᠠᠨ᠎ᠠ ᠤᠣ᠂ ᠦᠭᠡᠢ ᠤᠣ᠂ 》 ᠬᠡᠰᠡᠨ ᠬᠡᠨ᠎ᠠ᠃ ᠬᠤᠶᠠᠳᠤᠭᠠᠷ ᠬᠦᠷᠬᠡᠨ ᠨᠢ ᠡᠯᠬᠦᠵᠦ ᠠᠪᠤᠭᠠᠳ᠄  《 ᠮᠢᠨᠦ ᠵᠢᠳᠠ ᠨᠢᠬᠡᠨ ᠦᠵᠦᠬᠦᠷ ᠨᠢ ᠬᠤᠰᠢᠭᠤ ᠳᠠᠢ᠂ ᠨᠦᠬᠦᠬᠡ ᠦᠵᠦᠬᠦᠷ ᠨᠢ ᠪᠦᠬᠡᠷᠡᠡᠭᠭᠡᠢ᠃ ᠡᠨᠡ ᠵᠡᠪᠰᠡᠭ ᠢᠶᠠᠷ ᠢᠶᠡᠨ ᠰᠢᠯᠭᠠᠯᠳᠠ ᠶ᠋ᠢᠨ ᠲᠠᠯᠠᠪᠤᠷ ᠲᠤ ᠰᠢᠯᠭᠠᠯᠳᠠ ᠬᠢᠵᠦ ᠪᠢ ᠴᠡᠷᠢᠭ ᠤᠨ ᠨᠤᠶᠠᠨ ᠪᠤᠯᠤᠭᠰᠠᠨ᠂ ᠡᠨᠡ ᠳᠠᠭᠠᠷᠠᠨ᠎ᠠ ᠤᠣ᠂ ᠦᠭᠡᠢ ᠤᠣ 》 ᠭᠡᠵᠤ ᠠᠰᠠᠭᠤᠯᠳᠠ ᠠᠰᠠᠭᠤᠪᠠ᠃  ᠭᠤᠷᠪᠠᠳᠤᠭᠠᠷ ᠬᠦᠷᠬᠡᠨ ᠨᠢ᠄  《 ᠳᠡᠷᠭᠡ ᠪᠠᠷ ᠡᠪᠡᠰᠤ ᠪᠤᠷᠳᠤᠭ᠎ᠠ ᠳᠡᠭᠡᠭᠡᠪᠤᠷᠢᠯᠡᠬᠦ ᠳ᠋ᠥ ᠬᠡᠷᠡᠭᠯᠡᠬᠦ ᠮᠤᠰᠬᠢᠭᠤᠷ ᠮᠤᠳᠤ ᠶ᠋ᠢᠨ ᠨᠢᠬᠡᠨ ᠦᠵᠦᠬᠦᠷ ᠨᠢ ᠬᠤᠰᠢᠭᠤ ᠳᠠᠢ᠂ ᠨᠦᠬᠦᠬᠡ ᠦᠵᠦᠬᠦᠷ ᠨᠢ ᠪᠦᠬᠡᠷᠡᠡᠭᠭᠡᠢ᠃ ᠪᠢ ᠬᠦᠨᠵᠢᠯᠡ ᠳ᠋ᠡᠭᠡᠨ ᠪᠢᠰᠢᠯᠭᠠᠯ ᠬᠢᠵᠦ᠂ ᠮᠢᠨᠦ ᠡᠬᠡᠨᠡᠷ ᠵᠦᠢᠷᠡᠢ ᠲᠦᠷᠦᠵᠦ ᠨᠢᠬᠡ ᠨᠢ ᠪᠢᠴᠢᠭ ᠤᠨ ᠨᠤᠶᠠᠨ᠂ ᠨᠢᠬᠡ ᠨᠢ ᠴᠡᠷᠢᠭ ᠤᠨ ᠨᠤᠶᠠᠨ ᠪᠤᠯᠪᠠ᠃ ᠡᠨᠡ ᠳᠠᠭᠠᠷᠠᠨ᠎ᠠ ᠤᠣ᠂ ᠦᠭᠡᠢ ᠤᠣ 》 ᠭᠡᠵᠤ ᠠᠰᠠᠭᠤᠯᠳᠠ ᠳᠠᠯᠪᠢᠪᠠ᠃ ᠪᠠᠶᠠᠷ ᠤᠨ ᠬᠤᠷᠢᠮ ᠳ᠋ᠥ ᠰᠠᠭᠤᠭᠰᠠᠳ ᠶᠡᠬᠡ ᠪᠠ ᠬᠤᠶᠠᠳᠤᠭᠠᠷ ᠬᠦᠷᠬᠡᠨ ᠤ 《 ᠳᠠᠭᠠᠷᠠᠨ᠎ᠠ ᠤᠣ᠂ ᠦᠭᠡᠢ ᠤᠣ 》 ᠬᠡᠰᠡᠨ ᠳ᠋ᠥ ᠴᠦᠮ ᠳᠠᠭᠠᠷᠠᠨ᠎ᠠ ᠭᠡᠵᠤ ᠬᠠᠷᠢᠭᠤᠯᠤᠭᠰᠠᠨ ᠪᠠᠶᠢᠨ᠎ᠠ᠃ ᠭᠤᠷᠪᠠᠳᠤᠭᠠᠷ ᠬᠦᠷᠬᠡᠨ ᠤ ᠠᠰᠠᠭᠤᠯᠳᠠ ᠶ᠋ᠢ ᠬᠡᠷᠬᠢᠨ ᠬᠠᠷᠢᠭᠤᠯᠬᠤ ᠪᠠᠨ ᠤᠯᠬᠤ ᠦᠭᠡᠢ ᠦᠬᠡ ᠳᠠᠭᠤᠨ ᠦᠭᠡᠢ ᠳᠤᠪ ᠳᠤᠭᠤᠢ ᠰᠠᠭᠤᠵᠤ ᠪᠠᠶᠢᠯ᠎ᠠ᠃ ᠶᠡᠬᠡ ᠬᠦᠷᠬᠡᠨ ᠪᠠ ᠬᠤᠶᠠᠳᠤᠭᠠᠷ ᠬᠦᠷᠬᠡᠨ ᠨᠢ ᠠᠭᠤᠷ ᠬᠢᠯᠢᠡᠭ ᠢᠶᠡᠨ ᠳᠠᠷᠤᠵᠤ ᠳᠡᠶᠢᠯᠬᠦ ᠦᠭᠡᠢ ᠬᠦᠯ ᠢᠶᠡᠨ ᠳᠡᠪᠭᠡᠴᠡᠨ ᠬᠦᠮᠦᠬᠡᠢ ᠪᠠᠨ ᠵᠠᠭᠤᠵᠤ᠂ ᠭᠤᠳᠠᠭᠠᠷ ᠬᠦᠷᠬᠡᠨ ‍ᠢ ᠬᠦᠯᠢᠶᠡᠨ ᠬᠠᠷᠠᠵᠤ ᠰᠠᠭᠤᠨ᠎ᠠ᠃ ᠬᠠᠳᠠᠮ ᠡᠴᠢᠬᠡ ᠨᠢ ᠬᠦᠷᠬᠡᠳ ᠤᠨ ᠬᠤᠭᠤᠷᠤᠨᠳᠤᠬᠢ ᠬᠤᠷᠴᠠ ᠰᠢᠷᠦᠬᠦᠨ ᠪᠠᠶᠢᠳᠠᠯ ‍ᠢ ᠨᠠᠮᠵᠢᠭᠤᠯᠬᠤ ᠪᠠᠷ᠄  《 ᠬᠦᠷᠬᠡᠳ ᠠᠷᠢᠬᠢ ᠪᠠᠨ ᠤᠤᠭᠤ 》 ᠭᠡᠵᠤ ᠶᠠᠡᠭᠨᠠᠵᠤ ᠪᠠᠶᠢᠯ᠎ᠠ᠃
ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ