《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠭᠤᠷᠪᠠᠳᠤᠭᠠᠷ ᠬᠡᠰᠡᠭ )

ᠤᠩᠰᠢᠭᠰᠠᠨ ᠤᠳᠠᠭ᠎ᠠ ᠄ 853    ᠨᠡᠶᠢᠳᠡᠯᠡᠭᠰᠡᠨ ᠴᠠᠭ ᠄ 2016-07-22

                   ᠬᠠᠭᠤᠴᠢᠨ ᠪᠠᠭᠤᠴᠠᠨ ᠳ᠋ᠠᠭᠠᠨ ᠬᠠᠶᠠᠭᠳᠠᠪᠠ
     1170 ᠣᠨ ᠳ᠋ᠤ ᠶᠢᠰᠦᠭᠡᠢ ᠪᠠᠭᠠᠲᠤᠷ ᠨᠠᠰᠥ ᠨᠥᠭᠴᠢᠬᠦ ᠦᠶ᠎ᠡ᠂ ᠦᠭᠡᠯᠥᠨ ᠡᠬᠡ  ᠡᠴᠡ ᠲᠥᠷᠤᠭᠰᠡᠨ ᠲᠡᠮᠦᠵᠢᠨ ᠶᠢᠰᠦᠨ ᠨᠠᠰᠦᠲᠠᠢ᠂ ᠬᠠᠰᠠᠷ ᠲᠤᠯᠤᠭᠠᠨ ᠨᠠᠰᠦᠲᠠᠢ᠂ ᠬᠠᠴᠢᠭᠤᠨ ᠲᠠᠪᠤᠨ ᠨᠠᠰᠦᠲᠠᠢ᠂  ᠲᠡᠮᠦᠭᠡ  ᠤᠣᠡᠴᠢᠬᠢᠨ ᠭᠤᠷᠪᠠᠨ ᠨᠠᠰᠦᠲᠠᠢ᠂ ᠲᠡᠮᠡᠦᠯᠦᠨ ᠬᠡᠦᠬᠡᠨ ᠦᠯᠦᠭᠡᠢ ᠲᠠᠢ ᠪᠠᠶᠢᠭᠰᠠᠨ ᠪᠦᠭᠡᠳ ᠨᠥᠭᠦᠭᠡ ᠰᠤᠴᠢᠭᠡᠯ  ᠬᠠᠲᠤᠨ ᠡᠴᠠ ᠲᠥᠷᠥᠭᠰᠡᠨ ᠪᠡᠭᠲᠡᠷ ᠨᠠᠢᠮᠠᠨ ᠨᠠᠰᠦᠲᠠᠢ᠂ ᠪᠡᠯᠭᠦᠳᠠᠢ ᠲᠣᠯᠤᠭᠠᠨ ᠨᠠᠰᠦᠲᠠᠢ ᠪᠠᠶᠢᠪᠠ᠃
ᠲᠡᠷᠡ ᠬᠠᠪᠤᠷ᠂ ᠡᠪᠤᠭᠡᠳ ᠤᠨ ᠬᠡᠭᠦᠷ ᠣᠩᠭᠣᠨ ᠢᠶᠡᠨ ᠲᠠᠬᠢᠬᠤ ᠳ᠋ᠤ ᠦᠭᠡᠯᠥᠨ ᠦᠵᠢᠨ ᠬᠣᠵᠢᠮᠳᠠᠵᠤ ᠣᠴᠢᠵᠠᠢ᠃ ᠡᠭᠦᠨ ᠳ᠋ᠥ ᠶᠢᠰᠦᠭᠡᠢ ᠪᠠᠭᠠᠳᠤᠷ ᠤᠨ ᠨᠢᠭᠡ ᠤᠭᠰᠠᠭ᠎ᠠ ᠶ᠋ᠢᠨ ᠠᠮᠠᠭᠠᠢ ᠬᠠᠭᠠ ᠤ ᠬᠠᠳᠤᠨ ᠣᠷᠪᠠᠢ᠂ ᠰᠤᠬᠠᠳᠢ ᠬᠤᠶᠠᠷ ᠳᠠᠶᠢᠯᠭ᠎ᠠ ᠶ᠋ᠢᠨ ᠢᠳᠡᠭᠡᠨ ᠡᠴᠡ ᠥᠭᠡᠯᠦᠨ ᠦᠵᠢᠨ ᠳ᠋ᠦ ᠬᠣᠪᠢᠶᠠᠨ ᠥᠭᠭᠦᠭᠰᠡᠨ ᠦᠭᠡᠢ ᠳ᠋ᠦ ᠥᠭᠡᠯᠦᠨ ᠦᠵᠢᠨ᠄ 《 ᠶᠢᠰᠦᠭᠡᠢ ᠪᠠᠭᠠᠳᠤᠷ ᠢ ᠦᠬᠦᠪᠡ ᠭᠡᠵᠦ᠂ ᠬᠦᠪᠡᠭᠦᠨ ᠢ ᠮᠢᠨᠢ ᠪᠠᠯᠴᠢᠷ ᠭᠡᠵᠦ᠂ ᠡᠪᠦᠭᠡᠳ ᠦᠨ ᠳᠠᠶᠢᠯᠭ᠎ᠠ ᠶ᠋ᠢᠨ ᠬᠡᠰᠢᠭ ᠦᠨ ᠠᠷᠢᠬᠢ ᠰᠠᠷᠬᠤᠳ ᠡᠴᠠ ᠬᠣᠵᠢᠮᠳᠠᠭᠤᠯᠪᠠ ‍ᠤᠤ 》 ᠭᠡᠵᠦ ᠠᠰᠠᠭᠤᠪᠠ᠃ ᠣᠷᠪᠠᠢ᠂ ᠰᠤᠬᠠᠳᠠᠢ ᠬᠤᠶᠠᠷ ᠬᠠᠳᠤᠨ᠄ 《 ᠤᠷᠢᠵᠤ ᠴᠢᠮᠠᠳᠦ ᠥᠭᠬᠦ ᠶᠣᠰᠣ ᠦᠭᠡᠢ ᠂ ᠤᠴᠠᠷᠠᠪᠠᠯ ᠴᠢ ᠢᠳᠡᠬᠦ  ᠶᠣᠰᠤᠲᠠᠢ᠂ ᠬᠦᠷᠭᠡᠵᠤ ᠴᠢᠮᠠᠳᠦ ᠥᠭᠬᠦ ᠶᠣᠰᠤ ᠦᠭᠡᠢ᠂ ᠬᠦᠷᠲᠡᠪᠡᠯ ᠴᠢ ᠢᠳᠡᠬᠦ ᠶᠤᠰᠤᠲᠠᠢ 》 ᠭᠡᠪᠡ᠃ ᠲᠡᠭᠡᠭᠡᠳ ᠣᠷᠪᠠᠢ᠂ ᠰᠤᠬᠠᠲᠠᠢ ᠬᠤᠶᠠᠷ ᠶᠢᠰᠦᠭᠡᠢ ᠪᠠᠭᠠᠲᠤᠷ ᠤᠨ ᠬᠠᠷᠢᠶᠠᠳᠦ ᠪᠠᠶᠢᠭᠰᠠᠨ ᠲᠠᠶᠢᠴᠢᠭᠤᠳ ᠠᠶᠢᠮᠠᠭ ᠤᠨ ᠲᠠᠷᠭᠤᠳᠠᠢ ᠬᠡᠷᠢᠯᠳᠣᠭ᠂ ᠲᠣᠳᠤᠶᠢᠨ ᠬᠢᠷᠳᠦ ᠨᠠᠷ ᠲᠠᠢ ᠵᠥᠪᠯᠡᠵᠦ᠄ 《 ᠡᠳᠡᠨ ᠦ ᠡᠬᠡ ᠬᠦᠪᠡᠭᠦᠳ ᠢ ᠨᠤᠲᠤᠭ ᠳ᠋ᠦ᠋ᠨᠢ ᠣᠷᠬᠢᠵᠤ ᠨᠡᠭᠦᠶ᠎ᠡ᠂  ᠪᠦᠦ ᠠᠪᠴᠤ ᠶᠠᠪᠤᠶ᠎ᠠ 》 ᠭᠡᠳ  ᠮᠠᠷᠭᠠᠰᠢ ᠦᠷᠯᠦᠭᠡ ᠨᠢ ᠰᠡᠮᠡᠭᠡᠷ ᠤᠨᠤᠨ ᠮᠦᠷᠡᠨ ᠥᠭᠡᠳᠡ ᠬᠦᠳᠡᠯᠪᠡ᠃ ᠥᠭᠡᠯᠦᠨ ᠥᠵᠢᠨ ᠬᠦᠪᠡᠭᠦᠳ ᠦᠨ ᠬᠠᠮᠲᠦ  ᠣᠷᠬᠢᠭᠳᠠᠭᠰᠠᠨ ᠳ᠋ᠤ᠂ ᠬᠤᠩᠬᠤᠳᠠᠨ ᠤ ᠮᠡᠩᠯᠢᠭ ᠦᠨ ᠡᠴᠢᠭᠡ ᠴᠢᠷᠬ᠎ᠠ ᠡᠪᠦᠭᠡᠨ᠂ ᠨᠡᠭᠦᠵᠦ ᠶᠠᠪᠤᠭᠰᠠᠳ ᠢ ᠣᠴᠢᠵᠤ ᠢᠳᠬᠠᠭᠰᠠᠨ ᠳ᠋ᠤ ᠲᠣᠳᠤᠶᠢᠨ ᠬᠢᠷᠳᠦ᠄ 《 ᠴᠡᠭᠡᠯ ᠦᠨ ᠤᠰᠤ ᠰᠢᠷᠭᠢᠪᠡ᠂ ᠴᠡᠭᠡᠨ ᠴᠢᠯᠠᠭᠤ ᠬᠠᠭᠠᠷᠠᠪᠠ 》 ᠭᠡᠳ ᠴᠢᠷᠬ᠎ᠠ ᠡᠪᠦᠭᠡᠨ ᠢ ᠵᠢᠳᠠᠯᠠᠨ ᠬᠥᠭᠡᠭᠡᠭᠡᠳ ᠴᠠᠰᠢ ᠨᠡᠭᠦᠪᠡ᠃ ᠴᠢᠷᠬ᠎ᠠ ᠡᠪᠦᠭᠡᠨ ᠭᠡᠷ ᠲᠡᠬᠡᠨ ᠪᠤᠴᠠᠵᠤ ᠢᠷᠡᠭᠡᠳ ᠲᠡᠮᠦᠵᠢᠨ ᠳ᠋ᠦ 《 ᠰᠠᠶᠢᠨ ᠡᠴᠢᠭᠡ ᠶ᠋ᠢᠨ ᠴᠢᠨᠢ ᠬᠤᠷᠢᠶᠠᠭᠰᠠᠨ ᠤᠯᠤᠰ ᠲᠠᠷᠬᠠᠵᠤ ᠶᠠᠪᠤᠬᠤ ᠳ᠋ᠤ ᠢᠳᠬᠠᠬᠤ ᠪᠠᠷ ᠤᠴᠢᠭᠠᠳ ᠢᠩᠭᠢᠵᠦ ᠵᠢᠳᠠᠯᠠᠭᠳᠠᠪᠠ 》 ᠭᠡᠰᠡᠨ ᠳ᠋ᠦ ᠲᠡᠮᠦᠵᠢᠨ ᠤᠬᠢᠯᠠᠨ ᠭᠠᠷᠪᠠ᠃ ᠥᠭᠡᠯᠦᠨ ᠦᠵᠢᠨ ᠮᠠᠰᠢ ᠬᠢᠯᠢᠩᠨᠡᠵᠦ᠂ ᠥᠪᠡᠷ ᠦᠨ ᠪᠡᠶ᠎ᠡ ᠪᠡᠷ ᠲᠤᠭ ᠪᠠᠷᠢᠵᠤ ᠮᠣᠷᠳᠠᠭᠠᠳ᠂ ᠲᠡᠳᠡᠭᠡᠷ ᠢᠷᠭᠡᠳ ᠦᠨ ᠵᠠᠷᠢᠮ ᠢ ᠪᠤᠴᠠᠭᠠᠨ ᠠᠪᠴᠢᠷᠠᠪᠠ᠃ ᠭᠡᠪᠡᠴᠦ ᠪᠤᠴᠠᠵᠤ ᠢᠷᠡᠭᠰᠡᠨ ᠢᠷᠭᠡᠳ ᠪᠠᠰᠠ ᠲᠣᠭᠲᠠᠭᠰᠠᠨ ᠦᠭᠡᠢ ᠲᠠᠶᠢᠴᠢᠭᠤᠳ ᠤᠨ ᠬᠤᠶᠢᠨ᠎ᠠ ᠡᠴᠠ ᠨᠡᠭᠦᠵᠡᠢ᠃ ᠢᠩᠭᠡᠭᠡᠳ ᠲᠡᠮᠦᠵᠢᠨ᠂ ᠪᠡᠯᠪᠡᠰᠦᠨ ᠡᠬᠡ ᠦᠨᠦᠴᠢᠨ ᠳᠡᠭᠦᠦ ᠨᠠᠷ ᠲᠠᠢ ᠪᠠᠨ ᠬᠠᠭᠤᠴᠢᠨ ᠪᠠᠭᠤᠴᠠᠨ ᠳ᠋ᠠᠭᠠᠨ ᠬᠠᠶᠠᠭᠳᠠᠪᠠ᠃

                        

                              ᠨᠠ‍ · ᠠᠯᠲᠠᠨᠱᠠ ᠶ᠋ᠢᠨ 《 ᠮᠣᠩᠭᠣᠯ ᠤᠨ ᠨᠢᠭᠤᠴᠠ 

                             ᠲᠣᠪᠴᠢᠶᠠᠨ 》 ᠤ ᠰᠣᠩᠭᠤᠮᠠᠯ ᠦᠯᠢᠭᠡᠷ ᠡᠴᠠ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ