《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠬᠣᠶᠠᠳᠤᠭᠠᠷ ᠬᠡᠰᠡᠭ )

ᠤᠩᠰᠢᠭᠰᠠᠨ ᠤᠳᠠᠭ᠎ᠠ ᠄ 819    ᠨᠡᠶᠢᠳᠡᠯᠡᠭᠰᠡᠨ ᠴᠠᠭ ᠄ 2016-07-20

                 ᠦᠨᠦᠴᠢᠨ ᠬᠣᠴᠤᠷᠪᠠ
   1170 ᠣᠨ ᠳ᠋ᠦ ᠶᠢᠰᠦᠭᠡᠢ ᠪᠠᠭᠠᠲᠤᠷ ᠶᠢᠰᠦᠨ ᠨᠠᠰᠦᠲᠠᠢ ᠬᠦᠪᠡᠭᠦᠨ ᠲᠡᠮᠦᠵᠢᠨ ᠢᠶ᠋ᠡᠨ ᠳᠠᠭᠠᠭᠤᠯᠵᠤ ᠦᠭᠡᠯᠥᠨ ᠡᠬᠡ ᠶ᠋ᠢᠨ ᠲᠥᠷᠬᠦᠮ ᠣᠯᠠᠠᠤᠨᠤᠳ ᠠᠶᠢᠮᠠᠭ ᠡᠴᠠ ᠬᠦᠪᠡᠭᠦᠨ ᠳ᠋ᠡᠬᠡᠨ ᠥᠬᠢᠨ ᠭᠤᠶᠤᠬᠤ ᠪᠠᠷ ᠶᠠᠪᠤᠵᠤ ᠪᠠᠶᠢᠲᠠᠯ᠎ᠠ᠂ ᠵᠠᠮ ᠵᠠᠭᠤᠷ᠎ᠠ ᠪᠠᠷ ᠴᠡᠭᠴᠡᠷ᠂ ᠴᠢᠬᠤᠷᠭᠤ ᠭᠡᠬᠦ ᠭᠠᠵᠠᠷ ᠬᠤᠭᠤᠷᠤᠨᠳᠦ ᠬᠤᠩᠭᠢᠷᠠᠳ ᠠᠶᠢᠮᠠᠭ ᠤᠨ ᠲᠠᠢ ᠰᠡᠴᠡᠨ ᠲᠠᠢ ᠠᠭᠤᠯᠵᠠᠵᠠᠢ᠃ ᠲᠠᠢ ᠰᠡᠴᠡᠨ᠄ 《 ᠶᠢᠰᠦᠭᠡᠢ ᠪᠠᠭᠠᠲᠤᠷ  ᠲᠠ ᠬᠠᠮᠢᠭ᠎ᠠ ᠣᠴᠢᠬᠤ ᠭᠡᠵᠤ ᠪᠠᠶᠢᠭ᠎ᠠ ᠪᠤᠢ 》 ᠭᠡᠵᠣ ᠠᠰᠠᠭᠤᠪᠠ᠃ ᠶᠢᠰᠦᠭᠡᠢ ᠪᠠᠭᠠᠲᠤᠷ ᠄ 《 ᠪᠢ᠂ ᠬᠦᠪᠡᠭᠦᠨ ᠲᠡᠮᠦᠵᠢᠨ ᠳ᠋ᠡᠬᠡᠨ ᠪᠡᠷᠢ ᠭᠤᠶᠤᠬᠤ ᠪᠠᠷ ᠶᠠᠪᠤᠵᠤ ᠪᠠᠶᠢᠨ᠎ᠠ 》 ᠭᠡᠪᠡ᠃ ᠲᠠᠢ ᠰᠡᠴᠡᠨ᠄ 《 ᠡᠨᠡ ᠬᠦᠪᠡᠭᠦᠨ ᠴᠢᠨᠢ ᠨᠢᠭᠤᠷ ᠳᠡᠭᠡᠨ ᠭᠠᠯ ᠲᠠᠢ᠂ ᠨᠢᠳᠤᠨ ᠳ᠋ᠡᠬᠡᠨ ᠴᠣᠭ ᠲᠠᠢ ᠬᠥᠤ ᠪᠠᠶᠢᠨ᠎ᠠ᠃ ᠪᠢ ᠥᠬᠢᠨ ᠢᠶ᠋ᠡᠨ ᠦᠭᠭᠦᠶ᠎ᠡ᠃ ᠮᠢᠨᠤ ᠠᠷᠪᠠᠨ ᠨᠠᠰᠦᠲᠠᠢ ᠪᠦᠷᠳᠡ ᠭᠡᠳᠡᠭ ᠨᠡᠷ᠎ᠡ ᠲᠠᠢ ᠥᠬᠢᠨ ᠪᠤᠢ᠃ ᠲᠠ ᠣᠴᠢᠵᠤ ᠦᠵᠡ 》 ᠭᠡᠪᠡ᠃
    ᠶᠢᠰᠦᠭᠡᠢ ᠪᠠᠭᠠᠳᠤᠷ ᠲᠠᠢ ᠰᠡᠴᠡᠨ ᠦ ᠳ᠋ᠥ ᠣᠴᠢᠵᠤ᠂ ᠥᠬᠢᠨ ᠢ ᠨᠢ ᠦᠵᠡᠭᠡᠳ᠂ ᠰᠠᠨᠠᠭᠠᠨ ᠳ᠋ᠥ ᠨᠡᠶᠢᠯᠡᠭᠰᠡᠨ ᠲᠤᠯᠠ ᠬᠦᠪᠡᠭᠦᠨ ᠢᠶ᠋ᠡᠨ ᠬᠦᠷᠭᠡᠨ ᠪᠤᠯᠭᠠᠵᠤ ᠦᠯᠡᠳᠡᠭᠡᠭᠡᠳ ᠭᠡᠷ  ᠵᠦᠭ ᠢᠶ᠋ᠡᠨ ᠪᠤᠴᠠᠪᠠ᠃ ᠵᠠᠮ ᠵᠠᠭᠤᠷ᠎ᠠ ᠪᠠᠨ  ᠲᠠᠲ᠋ᠠᠷ ᠢᠷᠭᠡᠨ ᠦ ᠬᠤᠷᠢᠮ ᠳ᠋ᠤ ᠪᠠᠭᠤᠪᠠ᠃ ᠲᠠᠲ᠋ᠠᠷ ᠤᠳ  ᠶᠢᠰᠦᠭᠡᠢ ᠪᠠᠭᠠᠲᠤᠷ ᠢ ᠦᠵᠡᠵᠦ ᠲᠠᠨᠢᠭᠠᠳ 《 ᠡᠷᠬᠢᠮ ᠶᠢᠰᠦᠭᠡᠢ ᠮᠣᠷᠢᠯᠠᠨ ᠢᠷᠠᠪᠠ 》 ᠭᠡᠵᠤ ᠬᠤᠷᠢᠮ ᠳ᠋ᠤ ᠰᠠᠭᠤᠯᠭᠠᠨ᠂ ᠤᠷᠢᠳᠦ ᠶ᠋ᠢᠨ ᠦᠰᠢᠶ᠎ᠡ ᠪᠡᠨ ᠰᠠᠨᠠᠵᠤ᠂ ᠨᠢᠭᠤᠴᠠ ᠪᠠᠷ ᠬᠡᠯᠡᠯᠴᠡ᠂ ᠠᠷᠢᠬᠢᠨ ᠳ᠋ᠤ ᠬᠣᠣᠷ ᠬᠣᠯᠢᠵᠤ ᠥᠭᠴᠡᠢ᠃ ᠶᠢᠰᠦᠭᠡᠢ ᠪᠠᠭᠠᠳᠤᠷ ᠲᠡᠷᠡ ᠠᠷᠢᠬᠢ ᠶ᠋ᠢ ᠤᠤᠭᠤᠵᠤ᠂ ᠮᠣᠷᠳᠠᠨ ᠭᠠᠷᠴᠤ ᠢᠷᠡᠭᠡᠳ ᠪᠡᠶ᠎ᠡ ᠮᠠᠭᠤᠵᠢᠷᠠᠵᠤ ᠭᠤᠷᠪᠠᠨ ᠬᠤᠨᠤᠭ ᠶᠠᠪᠤᠭᠠᠳ ᠠᠷᠠᠶᠢᠭᠡᠵᠤ ᠭᠡᠷ ᠲᠡᠭᠡᠨ ᠬᠦᠷᠴᠦ ᠢᠷᠡᠪᠡ᠃ ᠶᠢᠰᠦᠭᠡᠢ ᠪᠠᠭᠠᠲᠤᠷ᠄ 《ᠮᠢᠨᠤ ᠳᠣᠲᠤᠷ᠎ᠠ ᠮᠠᠭᠤ ᠪᠠᠶᠢᠨ᠎ᠠ᠃ ᠳᠡᠷᠭᠡᠳᠡ ᠮᠢᠨᠢ ᠬᠡᠨ ᠪᠠᠶᠢᠨ᠎ᠠ ᠪᠤᠢ 》 ᠭᠡᠵᠦ ᠠᠰᠠᠭᠤᠪᠠ᠃ ᠬᠣᠩᠬᠤᠳᠠᠨ ᠤ ᠮᠡᠩᠯᠢᠭ᠄ 《 ᠪᠢ ᠪᠠᠶᠢᠨ᠎ᠠ 》 ᠭᠡᠵᠤ ᠬᠠᠷᠢᠭᠤᠯᠪᠠ᠃ ᠶᠢᠰᠦᠭᠡᠢ  ᠪᠠᠭᠠᠲᠦᠷ᠄ 《 ᠬᠦᠪᠡᠭᠦᠨ ᠲᠡᠮᠦᠵᠢᠨ ᠢ ᠤᠷᠤᠭ ᠤᠨ ᠭᠠᠵᠠᠷ ᠤᠷᠬᠢᠭᠠᠳ ᠢᠷᠡᠭᠰᠡᠨ ᠶᠤᠮ᠂ ᠬᠤᠷᠳᠤᠨ ᠠᠪᠴᠢᠷ᠎ᠠ 》 ᠭᠡᠪᠡ᠃ ᠮᠡᠩᠯᠢᠭ᠂ ᠶᠢᠰᠦᠭᠡᠢ ᠪᠠᠭᠠᠲᠤᠷ ᠤᠨ ᠦᠭᠡ ᠶ᠋ᠢ ᠳᠠᠭᠠᠵᠤ᠂ ᠲᠠᠢ ᠰᠡᠴᠡᠨ ᠦ ᠳ᠋ᠦ ᠣᠴᠢᠭᠠᠳ ᠲᠡᠮᠦᠵᠢᠨ ᠢ ᠪᠤᠴᠠᠭᠠᠨ ᠠᠪᠴᠢᠷᠠᠲᠠᠯ᠎ᠠ᠂ ᠶᠢᠰᠦᠭᠡᠢ ᠪᠠᠭᠠᠲᠤᠷ ᠨᠢᠭᠡᠨᠳᠡ ᠨᠠᠰᠥ ᠨᠥᠭᠴᠢᠵᠡᠢ᠃ ᠢᠩᠭᠡᠭᠡᠳ ᠶᠢᠰᠦᠨ ᠨᠠᠰᠦᠲᠠᠢ ᠲᠡᠮᠥᠵᠢᠨ ᠦᠨᠦᠴᠢᠨ ᠬᠣᠴᠣᠷᠠᠪᠠ᠃

                       

                         ᠨᠠ‍  · ᠠᠯᠲᠠᠨᠱᠠ ᠶ᠋ᠢᠨ《 ᠮᠣᠩᠭᠣᠯ ᠤᠨ ᠨᠢᠭᠤᠴᠠ

                         ᠲᠣᠪᠴᠢᠶᠠᠨ》 ᠤ ᠰᠣᠩᠭᠣᠮᠠᠯ ᠦᠯᠢᠭᠡᠷ ᠡᠴᠡ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ