ᠦᠨᠢᠶᠡᠨ ᠰᠦ ᠶ᠋ᠢᠨ ᠭᠠᠶᠢᠬᠠᠮᠰᠢᠭᠲᠤ ᠦᠢᠯᠡᠳᠦᠯ

ᠤᠩᠰᠢᠭᠰᠠᠨ ᠤᠳᠠᠭ᠎ᠠ ᠄ 917    ᠨᠡᠶᠢᠳᠡᠯᠡᠭᠰᠡᠨ ᠴᠠᠭ ᠄ 2016-07-20

     ᠵᠢᠭᠠᠰᠤᠨ ‍ᠤ ᠰᠢᠩᠭᠡᠭ ᠦᠨᠦᠷ ‍ᠢ ᠠᠷᠢᠯᠭᠠᠨ᠎ᠠ᠄ ᠵᠢᠭᠠᠰᠤ ᠪᠠᠨ ᠬᠠᠭᠠᠷᠢᠬᠤ ᠡᠴᠠ ᠡᠮᠦᠨ᠎ᠡ ᠦᠨᠢᠶᠡᠨ ᠰᠦ ᠳ᠋ᠥ ᠲᠦᠷ ᠲᠡᠪᠲᠦᠭᠡᠪᠡᠯ ᠰᠢᠩᠭᠡᠭ ᠦᠨᠦᠷ ‍ᠢ ᠠᠷᠢᠯᠭᠠᠬᠤ ᠪᠦᠭᠡᠳ ᠤᠯᠠᠮ ᠰᠢᠨ᠎ᠡ ᠰᠣᠷᠭᠣᠭ ᠦᠨᠦᠷ ᠠᠮᠲᠠ ᠲᠠᠢ ᠪᠣᠯᠭᠠᠳᠠᠭ᠃        
     ᠰᠠᠷᠢᠮᠰᠠᠭ ‍ᠤᠨ ᠦᠨᠦᠷ ‍ᠢ ᠠᠷᠢᠯᠭᠠᠨ᠎ᠠ᠄ ᠨᠢᠭᠡ ᠴᠣᠮᠣ ᠦᠨᠢᠶᠡᠨ ᠰᠦ ᠤᠤᠭᠤᠪᠠᠯ ᠠᠮᠠᠨ ᠲᠣᠲᠣᠷᠠᠬᠢ ᠰᠠᠷᠢᠮᠰᠠᠭ ‍ᠤᠨ ᠦᠨᠦᠷ ᠠᠷᠢᠯᠴᠢᠬᠠᠨ᠎ᠠ᠃        
     ᠠᠷᠢᠬᠢᠨ ‍ᠤ ᠣᠷᠣᠮ ‍ᠢ ᠠᠷᠢᠯᠭᠠᠨ᠎ᠠ᠄ ᠬᠡᠷᠪᠡ ᠴᠠᠭᠠᠨ ᠴᠠᠮᠴᠠᠨ ᠳᠡᠭᠡᠷ᠎ᠡ ᠠᠷᠢᠬᠢ ᠠᠰᠬᠠᠪᠠᠯ ᠪᠤᠴᠠᠯᠤᠭᠰᠠᠨ ᠦᠨᠢᠶᠡᠨ ᠰᠦ ᠳ᠋ᠥ ᠠᠯᠴᠢᠭᠤᠷ ᠳᠦᠷᠦᠵᠦ ᠠᠷᠴᠢᠪᠠᠯ ᠠᠷᠢᠯᠴᠢᠬᠠᠨ᠎ᠠ᠃       
     ᠵᠢᠮᠢᠰ ‍ᠤᠨ ᠣᠷᠣᠮ ‍ᠢ ᠠᠷᠢᠯᠭᠠᠨ᠎ᠠ᠄ ᠠᠮᠲᠠ ᠨᠢ ᠬᠤᠪᠢᠷᠠᠭᠰᠠᠨ ᠦᠨᠢᠶᠡᠨ ᠰᠦ ᠨᠢ ᠬᠤᠪᠴᠠᠰᠤᠨ ᠳᠡᠭᠡᠷᠡᠬᠢ ᠵᠢᠮᠢᠰ ‍ᠤᠨ ᠣᠷᠣᠮ ‍ᠢ ᠠᠷᠢᠯᠭᠠᠳᠠᠭ᠂ ᠵᠢᠮᠢᠰ ‍ᠤᠨ ᠣᠷᠣᠮ ᠳᠡᠭᠡᠷ᠎ᠡ ᠦᠨᠢᠶᠡᠨ ᠰᠦ ᠲᠦᠷᠬᠢᠭᠡᠳ ᠬᠡᠳᠦᠨ ᠴᠠᠭ ‍ᠤᠨ ᠳᠠᠷᠠᠭ᠎ᠠ ᠤᠰᠤ ᠪᠠᠷ ᠤᠬᠢᠶᠠᠪᠠᠯ ᠳᠠᠷᠤᠢ ᠠᠷᠢᠯᠴᠢᠬᠠᠨ᠎ᠠ᠃        
     ᠨᠢᠳᠦᠨ ‍ᠤ ᠬᠠᠪᠤᠳᠠᠷ ‍ᠢ ᠠᠷᠢᠯᠭᠠᠨ᠎ᠠ᠄ ᠦᠷᠯᠦᠭᠡ ᠪᠣᠰᠣᠭᠰᠠᠨ ‍ᠤ ᠳᠠᠷᠠᠭ᠎ᠠ ᠨᠢᠳᠦ ᠴᠢᠨᠢ ᠬᠠᠪᠤᠳᠤᠭᠰᠠᠨ ᠪᠠᠶᠢᠪᠠᠯ ᠦᠨᠢᠶᠡᠨ ᠰᠦ ᠳᠡᠭᠡᠷ᠎ᠡ ᠪᠠᠭ᠎ᠠ ᠬᠡᠮᠵᠢᠶᠡᠨ ‍ᠤ ᠽᠦ ᠪᠠ ᠪᠤᠴᠠᠯᠤᠭᠰᠠᠨ ᠤᠰᠤ ᠬᠢᠵᠦ ᠰᠫᠢᠷᠲ ᠬᠦᠪᠦᠩ ᠢᠶᠠᠷ ᠨᠢᠳᠦᠨ ‍ᠤ ᠠᠨᠢᠰᠬ᠎ᠠ ᠳᠡᠭᠡᠷ᠎ᠡ ᠪᠠᠨ ᠳᠠᠬᠢᠨ ᠳᠠᠪᠲᠠᠨ 5 ᠮᠢᠨᠦ᠋ᠲ ᠲᠦᠷᠬᠢᠵᠦ ᠳᠠᠬᠢᠨ ᠬᠠᠯᠠᠭᠤᠨ ᠠᠯᠴᠢᠭᠤᠷ ᠲᠠᠯᠪᠢᠪᠠᠯ ᠬᠠᠪᠤᠳᠠᠷ ᠳᠣᠣᠷ᠎ᠠ ᠪᠠᠨ ᠪᠤᠴᠠᠴᠢᠬᠠᠳᠠᠭ᠃        
     ᠬᠠᠲᠠᠭᠤ ᠱᠠᠬᠠᠢ ᠶ᠋ᠢᠨ ᠲᠤᠰᠤ ᠶ᠋ᠢ ᠵᠦᠭᠡᠯᠡᠷᠡᠭᠦᠯᠦᠨ᠎ᠡ᠄ ᠱᠠᠬᠠᠢ ᠶ᠋ᠢᠨ ᠲᠤᠰᠤ ᠶ᠋ᠢ ᠨᠡᠭᠡᠭᠡᠴᠢᠬᠡᠭᠡᠳ ᠤᠳᠠᠭᠠᠨ ᠲᠠᠯᠪᠢᠪᠠᠯ ᠠᠶᠠᠨᠳᠠᠭᠠᠨ ᠬᠠᠲᠠᠭᠤᠷᠠᠴᠢᠬᠠᠳᠠᠭ᠂ ᠬᠡᠷᠪᠡ ᠲᠣᠲᠣᠷ᠎ᠠ ᠨᠢ ᠬᠡᠳᠦᠨ ᠲᠤᠰᠤᠯ ᠦᠨᠢᠶᠡᠨ ᠰᠦ ᠲᠤᠰᠤᠭᠠᠪᠠᠯ ᠱᠠᠬᠠᠢ ᠶ᠋ᠢᠨ ᠲᠤᠰᠤ ᠵᠦᠭᠡᠯᠡᠷᠡᠴᠢᠬᠡᠳᠡᠭ ᠶᠤᠮ᠃
ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ