ᠤᠷᠲᠤ ᠶᠢᠨ ᠳᠠᠭᠤᠴᠢᠨ ᠪᠢᠯᠢᠭ᠍ᠪᠠᠭᠠᠲᠤᠷ

ᠤᠩᠰᠢᠭᠰᠠᠨ ᠤᠳᠠᠭ᠎ᠠ ᠄ 917    ᠨᠡᠶᠢᠳᠡᠯᠡᠭᠰᠡᠨ ᠴᠠᠭ ᠄ 2016-07-19

    ᠪᠢᠯᠢᠭ᠍ᠪᠠᠭᠠᠲᠤᠷ᠂ ᠤᠯᠠᠭᠠᠨᠬᠠᠳᠠ ᠬᠣᠲᠠ ᠶ᠋ᠢᠨ ᠬᠡᠰᠢᠭᠲᠡᠨ ᠬᠣᠰᠢᠭᠤ ᠪᠠᠷ ᠨᠤᠲᠤᠭ ᠲᠠᠢ ᠤᠷᠲᠤ ᠶ᠋ᠢᠨ ᠳᠠᠭᠤᠴᠢᠨ᠂ ᠠᠨᠳᠠ ᠬᠠᠮᠲᠤᠯᠢᠭ ‍ᠤᠨ ᠭᠣᠣᠯ ᠳᠠᠭᠤᠴᠢᠨ᠃ 1997᠎᠎ - 2000 ᠣᠨ ᠳ᠋ᠤ ᠥᠪᠥᠷ ᠮᠣᠩᠭᠣᠯ ‍ᠤᠨ ᠮᠣᠷᠢᠨ ᠬᠤᠭᠤᠷ ‍ᠤᠨ ᠲᠤᠰᠬᠠᠢ ᠮᠡᠷᠭᠡᠵᠢᠯ ‍ᠤᠨ ᠳᠡᠭᠡᠳᠦ ᠰᠤᠷᠭᠠᠭᠤᠯᠢ ᠳ᠋ᠤ ᠰᠤᠷᠤᠯᠴᠠᠵᠤ᠂ ᠲᠡᠭᠦᠰᠦᠭᠰᠡᠨ ‍ᠤ ᠳᠠᠷᠠᠭ᠎ᠠ ᠥᠪᠥᠷ ᠮᠣᠩᠭᠣᠯ ‍ᠤᠨ ᠴᠠᠬᠢᠯᠭᠠᠨ ᠬᠦᠴᠦᠨ ‍ᠤ ᠤᠷᠠᠨ ᠰᠠᠶᠢᠬᠠᠨ ‍ᠤ ᠪᠦᠯᠬᠦᠮ ᠳ᠋ᠤ ᠭᠣᠴᠣᠯᠠᠯ ᠳᠠᠭᠤᠴᠢᠨ ᠢᠶᠠᠷ ᠠᠵᠢᠯᠯᠠᠨ᠂ 2001 ᠣᠨ ᠳ᠋ᠤ ᠪᠡᠭᠡᠵᠢᠩ ‍ᠤᠨ ᠲᠡᠭᠷᠢ ᠲᠠᠯ᠎ᠠ ᠤᠷᠠᠯᠢᠭ ‍ᠤᠨ ᠪᠦᠯᠬᠦᠮ ᠳ᠋ᠤ ᠰᠢᠯᠵᠢᠨ ᠠᠵᠢᠯᠯᠠᠪᠠ᠃ 2004 ᠣᠨ ᠡᠴᠠ ᠣᠳᠣ ᠪᠣᠯᠲᠠᠯ᠎ᠠ ᠥᠪᠥᠷ ᠮᠣᠩᠭᠣᠯ ‍ᠤᠨ ᠦᠨᠳᠦᠰᠦᠲᠡᠨ ‍ᠤ ᠳᠠᠭᠤᠤᠷᠢᠯᠢᠭ ‍ᠤᠨ ᠪᠦᠯᠬᠦᠮ ᠳ᠋ᠤ ᠠᠵᠢᠯᠯᠠᠭᠰᠠᠭᠠᠷ ᠁

     ᠳᠠᠭᠤᠴᠢᠨ ᠮᠠᠨᠢ 1991 ᠣᠨ ‍ᠤ ᠤᠯᠠᠭᠠᠬᠠᠳᠠ ᠬᠣᠲᠠ ᠶ᠋ᠢᠨ ᠵᠠᠯᠠᠭᠤ ᠳᠠᠭᠤᠴᠢᠳ ‍ᠤᠨ ᠳᠠᠭᠤᠤ ᠶ᠋ᠢᠨ ᠤᠷᠤᠯᠳᠤᠭᠠᠨ ‍ᠤ ᠨᠢᠭᠡᠳᠦᠭᠡᠷ ᠳᠡᠰ᠃ 2001 ᠣᠨ ‍ᠤ 10 ᠰᠠᠷ᠎ᠠ ᠳ᠋ᠤ ᠪᠣᠯᠣᠭᠰᠠᠨ 《 ᠲᠠᠯ᠎ᠠ ᠨᠤᠲᠤᠭ 》 ᠬᠤᠨᠳᠠᠭᠠᠲᠤ ᠤᠷᠲᠤ ᠶ᠋ᠢᠨ ᠳᠠᠭᠤᠤ ᠶ᠋ᠢᠨ ᠤᠷᠤᠯᠳᠤᠭᠠᠨ ‍ᠤ ᠬᠣᠶᠠᠳᠤᠭᠠᠷ ᠳᠡᠰ᠃ 2004 ᠣᠨ ‍ᠤ ᠠᠷᠪᠠᠳᠤᠭᠠᠷ ᠬᠤᠭᠤᠴᠠᠭᠠᠨ ‍ᠤ ᠪᠦᠬᠦ ᠤᠯᠤᠰ ‍ᠤᠨ ᠵᠠᠯᠠᠭᠤ ᠳᠠᠭᠤᠴᠢᠳ ‍ᠤᠨ ᠲᠸᠯᠸᠢᠰ ᠱᠠᠩᠨᠠᠯᠲᠤ ᠤᠷᠤᠯᠳᠤᠭᠠᠨ ‍ᠤ ᠥᠪᠥᠷ ᠮᠣᠩᠭᠣᠯ ᠳ᠋ᠠᠬᠢ ᠬᠤᠪᠢᠶᠠᠷᠢ ᠲᠠᠯᠠᠪᠠᠢ ᠤᠷᠤᠯᠳᠤᠭᠠᠨ ‍ᠤ ᠦᠨᠳᠦᠰᠦᠲᠡᠨ ‍ᠤ ᠳᠠᠭᠤᠯᠠᠯᠭ᠎ᠠ ᠶ᠋ᠢᠨ ᠬᠣᠶᠠᠳᠤᠭᠠᠷ ᠳᠡᠰ᠃ 2004 ᠣᠨ ‍ᠤ 9 ᠰᠠᠷ᠎ᠠ ᠳ᠋ᠤ ᠪᠣᠯᠣᠭᠰᠠᠨ ᠪᠦᠬᠦ ᠤᠯᠤᠰ ‍ᠤᠨ ᠡᠮᠦᠨ᠎ᠡ ᠤᠮᠠᠷᠠᠲᠤ ᠣᠷᠣᠨ ‍ᠤ ᠳᠠᠭᠤᠤ ᠶ᠋ᠢᠨ ᠲᠠᠪᠴᠠᠩᠲᠤ ᠤᠷᠤᠯᠳᠤᠭᠠᠨ ‍ᠤ ᠮᠥᠩᠭᠥᠨ ᠮᠸᠳᠠᠯ᠃ 2007 ᠣᠨ ‍ᠤ ᠥᠪᠥᠷ ᠮᠣᠩᠭᠣᠯ ‍ᠤᠨ ᠣᠳᠣᠨ ᠲᠸᠯᠸᠢᠰ ‍ᠤᠨ ᠸᠸᠢᠶᠸᠨᠠ ᠶ᠋ᠢᠨ ᠠᠯᠲᠠᠨ ᠣᠷᠳᠣᠨ ᠳ᠋ᠤ ᠬᠢᠭᠰᠡᠨ ᠰᠢᠨ᠎ᠡ ᠵᠢᠯ ᠢᠶ᠋ᠡᠨ ᠤᠭᠲᠤᠬᠤ ᠳᠠᠭᠤᠤ ᠬᠥᠭᠵᠢᠮ ‍ᠤᠨ ᠦᠳᠡᠰᠢᠯᠡᠭᠡ ᠳ᠋ᠤ《 ᠪᠣᠭᠲᠠ ᠴᠢᠩᠭᠢᠰ 》ᠤᠷᠲᠤ ᠶ᠋ᠢᠨ ᠳᠠᠭᠤᠤ ᠪᠠᠷ ᠢᠶᠡᠨ ᠣᠷᠣᠯᠴᠠᠭᠠᠳ᠂ ᠦᠵᠡᠭᠴᠢᠳ ‍ᠤᠨ ᠬᠠᠯᠠᠭᠤᠨ ᠬᠦᠷᠢᠶᠡᠯᠡᠯ ‍ᠢ ᠣᠯᠪᠠ ᠃ 2007 ᠣᠨ ‍ᠤ《 ᠴᠸᠩ ᠯᠦᠩ ᠨᠠᠭᠦᠷᠡᠰᠦᠨ ᠬᠤᠨᠳᠠᠭᠠᠲᠤ 》ᠣᠯᠠᠨ ᠤᠯᠤᠰ ‍ᠤᠨ ᠮᠣᠩᠭᠣᠯ ᠤᠷᠲᠤ ᠶ᠋ᠢᠨ ᠳᠠᠭᠤᠤ ᠶ᠋ᠢᠨ ᠲᠸᠯᠸᠢᠰ ᠱᠠᠩᠨᠠᠯᠲᠤ ᠤᠷᠤᠯᠳᠤᠭᠠᠨ ‍ᠤ ᠲᠤᠰᠬᠠᠢ ᠮᠡᠷᠭᠡᠵᠢᠯ ‍ᠤᠨ ᠳᠤᠭᠤᠶᠢᠯᠠᠩ ‍ᠤᠨ ᠨᠢᠭᠡᠳᠦᠭᠡᠷ ᠳᠡᠰ᠃ ᠡᠭᠦᠨ ᠡᠴᠠ ᠭᠠᠳᠠᠨ᠎ᠠ᠂ ᠥᠪᠥᠷ ᠮᠣᠩᠭᠣᠯ ‍ᠤᠨ ᠳᠠᠭᠤᠤ ᠪᠥᠵᠢᠭ ᠵᠦᠴᠦᠭᠡ ᠶ᠋ᠢᠨ ᠬᠦᠷᠢᠶᠡᠯᠡᠩ ‍ᠤᠨ ᠤᠷᠢᠯᠭ᠎ᠠ ᠪᠠᠷ ᠲᠣᠮᠣ ᠬᠡᠯᠪᠡᠷᠢ ᠶ᠋ᠢᠨ ᠳᠠᠭᠤᠯᠠᠯᠲᠤ ᠵᠦᠴᠦᠭᠡ 《 ᠮᠠᠨᠲᠤᠬᠠᠢ ᠰᠡᠴᠡᠨ 》 ᠳ᠋ᠦ ᠭᠣᠣᠯ ᠳᠦᠷᠢ - ᠥᠨᠢᠪᠣᠯᠣᠳ ᠤᠨ ᠳᠦᠷᠢ ᠶ᠋ᠢ ᠲᠣᠭᠯᠠᠵᠠᠢ᠃

        

                                

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ