ᠬᠣᠨᠢᠨ ᠤ ᠴᠢᠮᠦᠭᠡᠨ ᠦ ᠶᠠᠰᠤᠨ ᠤ ᠱᠥᠯᠦᠨ ᠦ ᠭᠠᠶᠢᠬᠠᠯᠲᠠᠢ ᠠᠴᠢ ᠲᠤᠰᠠ

ᠤᠩᠰᠢᠭᠰᠠᠨ ᠤᠳᠠᠭ᠎ᠠ ᠄ 784    ᠨᠡᠶᠢᠳᠡᠯᠡᠭᠰᠡᠨ ᠴᠠᠭ ᠄ 2016-07-15

       ᠮᠠᠨ ᠤ ᠮᠣᠩᠭᠣᠯᠴᠤᠳ ᠤᠨ ᠤᠯᠠᠮᠵᠢᠯᠠᠯᠲᠤ ᠠᠨᠠᠭᠠᠬᠤ ᠤᠬᠠᠭᠠᠨ ᠳᠤ ᠬᠡᠢ ᠶᠠᠳᠠᠷᠠᠭ᠎ᠠ᠂ ᠠᠯᠵᠢᠶᠠᠯ ᠲᠠᠶᠢᠯᠬᠤ᠂ ᠳᠠᠷᠬᠠᠯᠠᠭ᠎ᠠ ᠰᠡᠷᠭᠦᠭᠡᠬᠦ ᠵᠣᠷᠢᠯᠭ᠎ᠠ ᠪᠠᠷ ᠮᠠᠯ ᠤᠨ ᠶᠠᠰᠤᠨ ᠤ ᠱᠥᠯᠥ ᠶ᠋ᠢ ᠣᠯᠠᠨ ᠶᠠᠩᠵᠤ ᠪᠠᠷ ᠪᠣᠯᠪᠠᠰᠤᠷᠠᠭᠤᠯᠤᠨ ᠬᠡᠷᠡᠭᠯᠡᠵᠦ ᠵᠠᠩᠰᠢᠭᠰᠠᠨ ᠪᠠᠶᠢᠳᠠᠭ᠃ ᠲᠡᠭᠡᠪᠡᠯ ᠡᠨᠡᠬᠦ ᠠᠷᠭ᠎ᠠ ᠤᠬᠠᠭᠠᠨ ᠨᠢ ᠡᠳᠦᠭᠡ ᠶ᠋ᠢ ᠬᠦᠷᠲᠡᠯ᠎ᠡ ᠪᠣᠯᠪᠠᠰᠤᠷᠠᠩᠭᠤᠢ ᠬᠥᠭᠵᠢᠵᠦ ᠡᠳ᠋ᠦᠷ ᠲᠤᠲᠤᠮ ᠤᠨ ᠠᠮᠢᠳᠤᠷᠠᠯ ᠳᠤ ᠬᠡᠷᠡᠭᠯᠡᠭᠳᠡᠭᠰᠡᠭᠡᠷ ᠪᠡᠶᠢᠨ᠎ᠠ᠃ ᠡᠨᠡ ᠤᠳᠠᠭ᠎ᠠ ᠳᠤ ᠬᠣᠨᠢᠨ ᠤ ᠴᠢᠮᠦᠭᠡᠨ ᠦ ᠶᠠᠰᠤᠨ ᠤ ᠱᠥᠯᠥ ᠶ᠋ᠢ ᠭᠠᠷᠭᠠᠵᠤ ᠠᠪᠤᠭᠠᠳ ᠬᠥᠯᠳᠡᠭᠡᠭᠰᠡᠨ ᠪᠠᠶᠢᠳᠠᠯ ᠢᠶᠠᠷ ᠡᠳ᠋ᠦᠷ ᠲᠤᠲᠤᠮ ᠤᠨ ᠠᠮᠢᠳᠤᠷᠠᠯ ᠳᠤ ᠪᠠᠨ ᠬᠡᠷᠬᠢᠨ ᠣᠯᠠᠨ ᠠᠴᠢ ᠲᠤᠰᠠᠲᠠᠢ ᠵᠦᠢᠯ ᠳᠦ ᠬᠡᠷᠡᠭᠯᠡᠬᠦ ᠠᠷᠭ᠎ᠠ ᠶ᠋ᠢ ᠬᠦᠷᠭᠡᠵᠦ ᠪᠠᠶᠢᠨ᠎ᠠ᠃ ᠶᠠᠰᠤᠨ ᠤ ᠱᠥᠯᠥ ᠲᠡᠷᠡ ᠳᠤᠮᠳᠠ ᠪᠠᠨ ᠬᠣᠨᠢᠨ ᠤ ᠴᠢᠮᠦᠭᠡᠨ ᠦ ᠶᠠᠰᠤᠨ ᠤ ᠠᠴᠢ ᠲᠤᠰᠠ ᠶ᠋ᠢ ᠬᠡᠯᠡᠭᠡᠳ ᠪᠠᠷᠠᠰᠢ ᠦᠭᠡᠢ ᠪᠥᠭᠡᠳ ᠮᠣᠩᠭᠣᠯ ᠬᠦᠮᠦᠨ ᠦ ᠪᠡᠶ᠎ᠡ ᠣᠷᠭᠠᠨᠢᠰᠮ ᠳᠤ ᠲᠠᠭᠠᠷᠠᠭᠰᠠᠨ ᠺᠠᠯᠼᠢ᠂ ᠡᠷᠦᠳᠡᠰᠦ ᠪᠣᠳᠠᠰ᠂ ᠰᠢᠮ᠎ᠡ ᠪᠡᠷ ᠳᠦᠭᠦᠷᠡᠩ ᠪᠠᠶᠢᠳᠠᠭ ᠪᠠᠶᠢᠨ᠎ᠠ᠃ ᠬᠦᠨᠳᠤ ᠬᠠᠭᠠᠯᠭᠠᠨ ᠳᠤ ᠣᠷᠣᠭᠰᠠᠨ᠂ ᠶᠠᠳᠠᠷᠠᠵᠤ ᠰᠤᠯᠠᠳᠠᠡᠨᠰᠠᠨ ᠬᠦᠨᠳᠦ ᠲᠠᠮᠢᠷ ᠲᠡᠩᠬᠡᠭᠡ ᠤᠷᠤᠭᠤᠯᠬᠤ ᠵᠣᠷᠢᠯᠭ᠎ᠠ ᠪᠠᠷ ᠬᠣᠭᠣᠯᠠ ᠬᠦᠨᠡᠰᠦᠨ ᠳᠦ ᠬᠡᠷᠡᠭᠯᠡᠨ᠎ᠡ᠃ ᠮᠥᠨ ᠡᠳ᠋ᠦᠷ ᠲᠤᠮ ᠤᠨ ᠬᠣᠭᠣᠯᠠ᠂ ᠴᠠᠢ ᠴᠢᠨᠠᠬᠤ ᠳᠤ ᠪᠠᠨ᠂ ᠭᠤᠯᠢᠷ ᠵᠢᠭᠤᠷᠠᠬᠤ ᠳᠤ ᠪᠠᠨ᠂ ᠬᠡᠦᠭᠡᠳ ᠤᠨ ᠪᠠᠨᠲᠠᠩ ᠳᠤ᠂ ᠭᠡᠷ ᠲᠦ ᠪᠡᠨ ᠬᠠᠯᠠᠭᠤᠨ ᠲᠣᠭᠣᠭ᠎ᠠ ᠬᠢᠬᠦ ᠳᠦ ᠪᠡᠨ᠂ ᠮᠥᠨ ᠨᠢᠷᠠᠢ ᠬᠡᠦᠬᠡᠳ ᠢ ᠤᠰᠤᠨ ᠳᠤ ᠣᠷᠣᠭᠤᠯᠬᠤ ᠳᠤ ᠪᠠᠨ ᠬᠡᠷᠡᠭᠯᠡᠵᠦ ᠪᠣᠯᠤᠨ᠎ᠠ᠃ ᠨᠢᠷᠠᠢ ᠬᠡᠦᠬᠡᠳ ᠦᠨ ᠪᠠᠨᠲᠠᠩ᠂ ᠨᠤᠬᠤᠰᠢ ᠪᠣᠯᠤᠨ ᠤᠰᠤᠨ ᠳᠤ ᠣᠷᠣᠭᠤᠯᠬᠤ ᠳᠤ ᠪᠠᠨ ᠬᠡᠷᠡᠭᠯᠡᠪᠡᠰᠦ ᠬᠠᠨᠢᠶᠠᠳᠤ ᠲᠣᠮᠣᠭᠣ᠂ ᠬᠠᠳᠬᠤᠭ᠎ᠠ ᠲᠤᠰᠤᠬᠤ ᠦᠭᠡᠢ᠂ ᠳᠠᠷᠬᠠᠯᠠᠭ᠎ᠠ ᠨᠡᠩ ᠰᠠᠶᠢᠵᠢᠷᠠᠵᠤ ᠡᠯᠳᠡᠪ ᠡᠪᠡᠳᠴᠢᠨ ᠡᠴᠡ ᠠᠩᠭᠢᠳᠡ ᠪᠠᠶᠢᠨ᠎ᠠ᠃ ᠬᠣᠨᠢᠨ ᠤ ᠴᠢᠮᠦᠭᠡ ᠶ᠋ᠢ ᠱᠤᠯᠤᠭᠠᠳ ᠲᠠᠰᠢᠵᠤ ᠪᠢᠳᠡᠭᠦᠦ ᠴᠢᠨᠠᠭᠴᠢᠨ ᠳᠤ ᠬᠢᠵᠦ ᠪᠤᠴᠠᠯᠠᠭᠠᠳ ᠡᠬᠢᠯᠡᠩᠭᠦᠳᠡ ᠭᠠᠯ ᠢ ᠪᠠᠭᠠᠰᠬᠠᠵᠤ ᠬᠠᠮᠤᠭ ᠤᠨ ᠪᠠᠭ᠎ᠠ ᠳᠡᠭᠡᠷ᠎ᠡ ᠨᠢ ᠲᠠᠯᠪᠢᠭᠠᠳ 5 - 10 ᠴᠠᠭ ᠪᠤᠴᠠᠯᠭᠠᠨ᠎ᠠ᠃ ᠢᠩᠭᠢᠭᠡᠳ ᠴᠢᠮᠦᠭᠡᠨ ᠦ ᠶᠠᠰᠤᠨ ᠤ ᠰᠢᠮ᠎ᠡ ᠰᠢᠭᠦᠰᠦ᠂ ᠡᠷᠦᠳᠡᠰᠦ ᠪᠣᠳᠠᠰ ᠱᠥᠯᠦᠨ ᠳᠦ ᠰᠢᠩᠭᠡᠬᠦ ᠪᠠ ᠶᠠᠰᠤ ᠶ᠋ᠢ ᠢᠯᠭᠠᠨ ᠠᠪᠴᠤ ᠬᠠᠶᠠᠨ᠎ᠠ᠃ ᠱᠥᠯᠥ ᠶ᠋ᠢ ᠰᠠᠶᠢᠲᠤᠷ ᠬᠥᠷᠥᠭᠡᠨ᠎ᠡ᠃ ᠪᠤᠴᠠᠯᠭᠠᠬᠤ ᠶᠠᠪᠤᠴᠠ ᠳᠤ ᠳᠡᠭᠡᠷ᠎ᠡ ᠨᠢ ᠢᠯᠭᠠᠷᠠᠭᠰᠠᠨ ᠲᠣᠰᠣ ᠶ᠋ᠢ ᠱᠦᠭᠦᠵᠤ ᠢᠯᠭᠠᠵᠤ ᠠᠪᠤᠭᠠᠳ ᠴᠠᠭᠠᠰᠤᠨ ᠠᠶᠠᠭᠠᠨ ᠳᠤ ᠬᠢᠵᠦ ᠬᠥᠯᠳᠡᠭᠡᠵᠦ ᠪᠠᠭ᠎ᠠ ᠪᠠᠭ᠎ᠠ ᠪᠠᠷ ᠬᠡᠷᠡᠭᠯᠡᠭᠡᠷᠡᠢ᠃ ᠬᠥᠯᠳᠡᠭᠡᠭᠰᠡᠨ ᠦ ᠳᠠᠷᠠᠭ᠎ᠠ ᠣᠭᠤᠳᠠᠨ ᠳᠤ ᠬᠢᠵᠦ  ᠬᠥᠯᠳᠡᠭᠡᠭᠦᠷ ᠲᠦ ᠬᠠᠳᠠᠭᠠᠯᠠᠵᠤ ᠤᠳᠠᠭᠠᠨ ᠬᠤᠭᠤᠴᠠᠭ᠎ᠠ ᠪᠠᠷ ᠬᠡᠷᠡᠭᠯᠡᠵᠦ ᠪᠣᠯᠤᠨ᠎ᠠ᠃ 

               ᠡᠬᠡ ᠰᠤᠷᠪᠤᠯᠵᠢ᠄ ᠺᠠᠯᠼᠢ ᠡᠷᠦᠳᠡᠰᠦ ᠶ᠋ᠢ ᠪᠤᠯᠤᠤ ᠴᠢᠮᠦᠭᠡᠨ ᠦ ᠶᠠᠰᠤᠨ ᠡᠴᠠ ᠣᠯᠵᠤ ᠠᠪᠳᠠᠭ ᠡᠷᠲᠡᠨ ᠦ ᠤᠯᠠᠮᠵᠢᠯᠠᠯ ᠵᠣᠷ

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ