ᠪᠠᠷᠢᠮᠵᠢᠶ᠎ᠠ ᠠᠪᠢᠶ᠎ᠠ ᠶ᠋ᠢ ᠭᠤᠶᠢᠪᠢᠰᠢ ᠦᠭᠡᠢ ᠪᠠᠳᠤ ᠪᠠᠷᠢᠮᠳᠠᠯᠠᠶ᠎ᠠ

ᠤᠩᠰᠢᠭᠰᠠᠨ ᠤᠳᠠᠭ᠎ᠠ ᠄ 732    ᠨᠡᠶᠢᠳᠡᠯᠡᠭᠰᠡᠨ ᠴᠠᠭ ᠄ 2016-07-14

      ᠮᠣᠩᠭᠣᠯ ᠰᠡᠬᠡᠭᠡᠳᠡᠳ ‍ᠤᠨ ᠳᠣᠮᠳᠠ ᠣᠯᠠᠨ᠎ᠠ ᠲᠠᠨᠢᠭᠳᠠᠭᠰᠠᠨ ᠡᠷᠳᠡᠮᠳᠡᠨ ᠮᠡᠷᠭᠡᠳ᠂ ᠵᠣᠬᠢᠶᠠᠯᠴᠢ᠂ ᠢᠷᠠᠭᠣ ᠨᠠᠶᠢᠷᠠᠭᠴᠢ ᠭᠡᠳ ᠵᠦᠩᠳᠡᠭᠡᠨ ᠪᠠᠶᠢᠬᠣ ᠳ᠋ᠤ᠂ ᠮᠣᠨᠳᠠᠭ ᠲᠣᠮᠣ ᠡᠷᠳᠡᠮ ‍ᠤᠨ ᠴᠣᠯᠠ ᠦᠭᠡᠢ ᠴᠦ ᠭᠦᠨ ᠰᠡᠳᠬᠢᠵᠦ ᠵᠣᠷᠢᠭᠳᠠᠢ ᠶᠠᠷᠢᠵᠣ ᠲᠤᠷᠪᠢᠳᠡᠢ ᠪᠢᠴᠢᠳᠡᠭ ᠮᠡᠷᠭᠡᠳ ᠴᠦᠭᠡᠨ ᠪᠣᠰᠣ ᠪᠠᠶᠢᠳᠠᠭ᠃ ᠪᠠᠶᠠᠭᠣᠳ ᠰ · ᠪᠠᠶᠠᠷ ᠭᠣᠸᠠᠢ ᠪᠣᠯ ᠵᠢᠷᠢᠮ ᠠᠶᠢᠮᠠᠭ ‍ᠤᠨ ᠬᠦᠷᠢᠶ᠎ᠡ ᠬᠣᠰᠢᠭᠣ ᠪᠠᠷ ᠨᠣᠳᠣᠭᠳᠠᠢ᠂ ᠵᠢᠷ ‍ᠤᠨ ᠨᠢᠭᠡᠨ ᠠᠬᠠᠮᠠᠳ ᠪᠠᠭᠰᠢ ᠶᠤᠮ᠃ ᠲᠡᠷᠡ ᠭᠣᠴᠢᠭᠠᠳ ᠵᠢᠯ ‍ᠤᠨ ᠵᠢᠭᠠᠨ ᠰᠣᠷᠭᠠᠯᠳᠠ ᠶ᠋ᠢᠨ ᠠᠵᠢᠯ᠂ ᠵᠢᠭᠠᠨ ᠰᠣᠷᠭᠠᠯᠳᠠ ᠶ᠋ᠢᠨ ᠬᠠᠮᠢᠶᠠᠷᠣᠯᠳᠠ ᠶ᠋ᠢᠨ ᠠᠵᠢᠯ ‍ᠤᠨ ᠳᠣᠮᠳᠠ ᠦᠪᠦᠷ ᠮᠣᠩᠭᠣᠯᠴᠣᠳ ‍ᠤᠨ ᠠᠯᠳᠠᠵᠣ ᠪᠣᠯᠣᠰᠢ ᠦᠭᠡᠢ ᠨᠢᠭᠡᠨ ᠵᠦᠢᠯ ᠪᠣᠯ ᠲᠠᠷᠣᠢ ᠦᠭᠡ ᠬᠡᠯᠡ ᠦᠰᠦᠭ ᠪᠢᠴᠢᠭ᠂ ᠰᠣᠶᠣᠯ ᠰᠣᠷᠭᠠᠨ ᠬᠦᠮᠦᠵᠢᠯ ᠮᠦᠨ ᠬᠡᠮᠡᠨ ᠶᠠᠭᠰᠢᠳᠠᠯ᠎ᠠ ᠪᠠᠷᠢᠮᠳᠠᠯᠠᠵᠣ ᠢᠷᠡᠭᠰᠡᠨ ᠶᠤᠮ᠃ ᠶᠠᠭ ᠢᠢᠮᠦ ᠡᠴᠠ ᠬᠣᠶᠢᠴᠢ ᠦᠶ᠎ᠡ ᠶ᠋ᠢᠨ ᠬᠢᠨ ᠳ᠋ᠤ ᠪᠠᠨ ᠮᠣᠩᠭᠣᠯ ᠰᠣᠷᠭᠠᠨ ᠬᠦᠮᠦᠵᠢᠯ ‍ᠤᠨ ᠦᠢᠯᠡᠰ ᠲᠤ ᠪᠠᠨ ᠬᠠᠷᠢᠭᠣᠴᠠᠯᠭ᠎ᠠ ᠠᠯᠳᠠᠭᠰᠠᠨ ᠦᠭᠡᠢ ᠶᠠᠪᠣᠵᠦ ᠢᠷᠡᠭᠰᠡᠨ ᠬᠦᠮᠦᠨ ‍ᠦ ᠨᠢᠭᠡ ᠪᠣᠯ ᠶᠠᠭᠠᠬᠢᠬᠣ ᠠᠷᠭ᠎ᠠ ᠦᠭᠡᠢ ᠰ · ᠪᠠᠶᠠᠷ ᠪᠠᠭᠰᠢ ᠮᠦᠨ ᠪᠢᠯᠡ᠃ ᠰ · ᠪᠠᠶᠠᠷ ᠪᠠᠭᠰᠢ ᠶ᠋ᠢᠨ ᠠᠵᠢᠯ ᠡᠭᠦᠷᠭᠡ ᠬᠡᠳᠦᠢ ᠬᠦᠨᠳᠦ ᠪᠠᠶᠢᠭᠰᠠᠨ ᠴᠦ ᠴᠢᠯᠣᠭᠡ ᠵᠠᠪ ᠢᠶᠡᠨ ᠠᠰᠢᠭᠯᠠᠵᠣ ᠦᠭᠦᠯᠡᠯ ᠵᠣᠬᠢᠶᠠᠯ ᠪᠢᠴᠢᠵᠣ᠂ ᠨᠣᠮ ᠲᠡᠪᠳᠡᠷ ᠬᠡᠪᠯᠡᠭᠦᠯᠬᠦ ᠪᠠᠨ ᠶᠡᠷᠣ ᠵᠣᠭᠰᠣᠭ᠎ᠠ ᠦᠭᠡᠢ᠃ ᠡᠳᠦᠭᠡ 《 ᠵᠢᠯᠣᠭᠣ 》᠂ 《 ᠲᠦᠷᠦᠭᠡ 》 ᠬᠡᠮᠡᠬᠦ ᠬᠣᠶᠠᠷ ᠨᠣᠮ ᠢᠶᠡᠨ ᠬᠡᠪᠯᠡᠭᠦᠯᠦᠭᠡᠳ ᠪᠣᠢ᠃ ᠡᠨᠳᠡ ᠬᠣᠯᠪᠣᠭᠠᠨ ‍ᠦ ᠠᠨᠳᠠ ᠨᠠᠷ ‍ᠤᠨ ᠣᠶᠣᠨ ‍ᠦ ᠰᠠᠩ ᠳ᠋ᠤ ᠦᠴᠦᠬᠡᠨ ᠴᠦ ᠭᠡᠰᠡᠨ ᠨᠡᠮᠡᠷᠢ ᠪᠣᠯᠣᠭ ᠬᠡᠮᠡᠨ ᠰ · ᠪᠠᠶᠠᠷ ᠪᠠᠭᠰᠢ ᠶ᠋ᠢᠨ ᠦᠭᠦᠯᠡᠯ ᠨᠦ᠋ᠭᠦᠳ ᠡᠴᠠ ᠰᠣᠩᠭᠣᠨ ᠨᠡᠶᠢᠳᠡᠯᠡᠶ᠎ᠡ᠂ ᠡᠷᠳᠡᠮᠳᠡᠨ ᠮᠡᠷᠭᠡᠳ ᠰᠠᠨᠠᠯ ᠰᠢᠭᠦᠮᠵᠢ ᠪᠠᠨ ᠬᠠᠷᠠᠮ ᠦᠭᠡᠢ ᠲᠡᠪᠰᠢᠭᠦᠯᠮᠦ᠃    

                    ᠪᠠᠷᠢᠮᠵᠢᠶ᠎ᠠ ᠠᠪᠢᠶ᠎ᠠ ᠶ᠋ᠢ ᠭᠤᠶᠢᠪᠢᠰᠢ ᠦᠭᠡᠢ ᠪᠠᠳᠤ ᠪᠠᠷᠢᠮᠳᠠᠯᠠᠶ᠎ᠠ     

      ᠪᠢ 2009 ᠤᠨ ‍ᠤ 6 ᠰᠠᠷ᠎ᠠ ᠶ᠋ᠢᠨ 9 ‍ᠤ ᠡᠳᠤᠷ ᠲᠦᠩᠯᠢᠶᠤᠤ ᠬᠤᠳᠠ ᠳ᠋ᠦ ᠦᠪᠦᠷ ᠮᠤᠩᠭᠤᠯ ‍ᠤᠨ ᠮᠤᠩᠭᠤᠯ ᠤᠳᠤᠨ ᠲᠸᠯᠸᠢᠰ ‍ᠤᠨ ᠦᠵᠡᠭᠴᠢᠳ ᠯᠤᠭᠡ ᠬᠢᠭᠰᠡᠨ ᠶᠠᠷᠢᠯᠴᠠᠬᠤ ᠬᠤᠷᠠᠯ ᠳ᠋ᠥ ᠤᠷᠤᠯᠴᠠᠪᠠ᠃ ᠦᠪᠦᠷ ᠮᠤᠩᠭᠤᠯ ‍ᠤᠨ ᠮᠤᠩᠭᠤᠯ ᠤᠳᠤᠨ ᠲᠸᠯᠸᠢᠰ ‍ᠤᠨ ᠦ‍ · ᠬᠠᠰ ᠲᠠᠷᠤᠭ᠎ᠠ ᠵᠢᠴᠢ ᠪᠤᠰᠤᠳ ᠭᠡᠳᠦᠨ ᠪᠠᠭᠰᠢ ᠢᠷᠠᠵᠤ ᠦᠨᠳᠤᠰᠤᠨ ᠱᠠᠳᠤᠨ ‍ᠤ ᠦᠵᠡᠭᠴᠢᠳ ᠡᠴᠡ ᠰᠠᠨᠠᠯ ᠵᠦᠪᠯᠡᠯᠭᠡ ᠰᠤᠨᠤᠰᠴᠤ᠂ ᠦᠪᠦᠷ ᠮᠤᠩᠭᠤᠯ ‍ᠤᠨ ᠮᠤᠩᠭᠤᠯ ᠤᠳᠤᠨ ᠲᠸᠯᠸᠢᠰ ‍ᠢᠶ᠋ᠡᠨ ᠭᠡᠷᠬᠢᠨ ᠨᠠᠩ ᠰᠠᠶᠢᠨ ‍ᠢᠶ᠋ᠡᠷ ᠡᠷᠬᠢᠯᠡᠬᠦ ᠲᠤᠬᠠᠢ ᠶᠠᠷᠢᠯᠴᠠᠨ ᠰᠤᠳᠤᠯᠵᠠᠭᠠᠯ᠎ᠠ᠃ ᠵᠠᠷᠢᠮ ᠦᠵᠡᠭᠴᠢᠳ᠄ 《 ᠦᠪᠦᠷ ᠮᠤᠩᠭᠤᠯ ‍ᠤᠨ ᠮᠤᠩᠭᠤᠯ ᠤᠳᠤᠨ ᠲᠸᠯᠸᠢᠰ 200 ᠲᠦᠮᠠᠨ ᠬᠤᠷᠴᠢᠨᠴᠤᠳ ‍ᠢ ᠬᠠᠷᠠᠭᠠᠯᠵᠠᠵᠤ ᠨᠡᠪᠳᠡᠷᠡᠬᠦᠯᠭᠡ ᠪᠠᠨ ᠬᠤᠷᠴᠢᠨ ᠠᠶᠠᠯᠭᠤ ᠳ᠋ᠥ ᠤᠶᠢᠷᠠᠳᠤᠭᠤᠯᠪᠠᠯ ᠶᠠᠮᠠᠷ ᠪᠤᠢ 》 ᠭᠡᠰᠡᠨ ᠬᠦᠰᠠᠯ ᠰᠠᠨᠠᠯ ᠦᠭᠬᠦᠯ᠎ᠠ ᠭᠡᠨ᠎ᠡ᠃ ᠢᠩᠬᠢᠭᠡᠳ ᠨᠡᠪᠳᠡᠷᠡᠬᠦᠯᠬᠦ ᠠᠪᠢᠶ᠎ᠠ ᠠᠶᠠᠯᠭᠤ ᠶ᠋ᠢᠨ ᠠᠰᠠᠭᠤᠳᠠᠯ ᠨᠢ ᠡᠨᠡ ᠤᠳᠠᠭᠠᠨ ‍ᠤ ᠶᠠᠷᠢᠯᠴᠠᠭᠠᠨ ‍ᠤ ᠴᠢᠬᠤᠯᠠ ᠨᠢᠭᠡ ᠰᠡᠳᠣᠪ ᠪᠤᠯᠤᠯ᠎ᠠ᠃     

     ᠮᠤᠩᠭᠤᠯ ‍ᠤᠨ ᠨᠢᠭᠡᠨ ᠰᠡᠭᠡᠭᠡᠳᠠᠨ ᠪᠤᠯᠤᠭᠰᠠᠨ ‍ᠤ ᠬᠤᠪᠢ ᠡᠴᠡ 《 ᠦᠪᠦᠷ ᠮᠤᠩᠭᠤᠯ ‍ᠤᠨ ᠮᠤᠩᠭᠤᠯ ᠤᠳᠤᠨ ᠲᠸᠯᠸᠢᠰ ᠴᠤᠬᠤᠮ ᠡᠭᠡ ᠮᠤᠩᠭᠤᠯ ᠭᠡᠯᠡᠨ ‍ᠤ ᠪᠠᠷᠢᠮᠵᠢᠶ᠎ᠠ ᠠᠪᠢᠶ᠎ᠠ ᠪᠠᠷ ᠶᠠᠷᠢᠬᠤ ᠤᠣ᠂ ᠡᠰᠡᠪᠠᠯ ᠬᠤᠷᠴᠢᠨ ᠨᠤᠳᠤᠭ ‍ᠤᠨ ᠠᠶᠠᠯᠭᠤ ᠳ᠋ᠥ ᠤᠶᠢᠷᠠᠳᠤᠭᠤᠯᠬᠤ ᠤᠣ 》 ᠭᠡᠬᠦ ᠲᠤᠬᠠᠢ ᠳ᠋ᠥ ᠦᠪᠡᠷ ‍ᠤᠨ ᠦᠵᠠᠯᠳᠠ ᠪᠠ ᠪᠠᠷᠢᠮᠳᠠᠯᠠᠯ ‍ᠢᠶ᠋ᠡᠨ ᠢᠯᠠᠷᠭᠡᠶᠢᠯᠠᠵᠤ ᠮᠤᠩᠭᠤᠯ ᠤᠳᠤᠨ ᠲᠸᠯᠸᠢᠰ ‍ᠤᠨ ᠬᠢᠨ ᠳ᠋ᠡᠭᠡᠨ ᠯᠠᠪᠯᠠᠯᠳᠠ ᠪᠤᠯᠭᠠᠬᠤ ᠶ᠋ᠢ ᠬᠦᠰᠡᠨ᠎ᠠ᠃ 1979 ᠤᠨ ᠳ᠋ᠥ ᠲᠤᠮᠳᠠᠳᠤ ᠤᠯᠤᠰ ‍ᠤᠨ ᠮᠤᠩᠭᠤᠯ ᠭᠡᠯᠡᠨ ‍ᠤ ᠪᠠᠷᠢᠮᠵᠢᠶ᠎ᠠ ᠠᠪᠢᠶ᠎ᠠ ᠶ᠋ᠢ ᠲᠣᠭᠲᠠᠭᠠᠨ ᠬᠡᠷᠡᠭᠵᠢᠭᠦᠯᠦᠭᠰᠡᠨ ᠶᠤᠮ᠃ ᠡᠬᠦᠨ ‍ᠢ ᠰᠢᠨ᠎ᠠ ᠲᠤᠮᠳᠠᠳᠤ ᠤᠯᠤᠰ ᠪᠠᠶᠢᠭᠤᠯᠤᠭᠳᠠᠭᠰᠠᠨ ᠴᠠᠭ ᠯᠤᠭ᠎ᠠ ᠬᠤᠯᠪᠤᠵᠤ ᠦᠵᠠᠪᠠᠯ ᠦᠨᠡᠨ ᠳ᠋ᠡᠭᠡᠨ ᠤᠷᠤᠶᠢᠳᠠᠭᠰᠠᠨ ᠳ᠋ᠥ ᠲᠤᠭᠠᠴᠠᠭᠳᠠᠨ᠎ᠠ᠃ ᠤᠷᠤᠶᠢᠳᠠᠭᠰᠠᠨ ᠪᠤᠯᠪᠠᠴᠤ ᠲᠤᠭᠳᠠᠭᠠᠨ ᠭᠡᠷᠡᠭᠵᠢᠬᠦᠯᠦᠭᠳᠡᠭᠡᠳ ᠨᠢᠭᠡᠨᠳᠠ 30 ᠵᠢᠯ ‍ᠤᠨ ᠤᠢ ᠪᠠᠨ ᠤᠭᠳᠤᠯ᠎ᠠ᠃ ᠲᠡᠣᠭᠡ ᠶ᠋ᠢᠨ ᠤᠷᠳᠤ ᠳ᠋ᠥ 30 ᠵᠢᠯ ᠲᠦᠭᠡ ᠲᠠᠳᠤᠢ ᠬᠤᠷᠤᠮ ᠴᠠᠭ ᠪᠠᠶᠢᠪᠠᠴᠤ ᠬᠦᠮᠦᠨ ‍ᠤ ᠨᠢᠭᠡ ᠪᠠᠶᠠᠨ ᠳ᠋ᠥ ᠠᠪᠴᠤ ᠭᠡᠯᠡᠪᠠᠯ ᠲᠠᠪᠤᠨ ‍ᠤ ᠬᠤᠶᠠᠷ ‍ᠤᠨ ᠴᠠᠭ ᠡ᠃ ᠶᠠᠮᠠᠷ ᠨᠢᠭᠡ ᠪᠤᠳᠠᠳᠠᠢ ᠵᠦᠢᠯ ‍ᠢ ᠬᠢᠵᠤ ᠪᠡᠶᠡᠯᠡᠬᠦᠯᠬᠦ ᠳ᠋ᠥ ᠦᠨᠡᠭᠡᠷ ᠤᠬᠤᠷ ᠪᠤᠰᠤ ᠵᠠᠢ ᠪᠤᠶᠤ᠃ ᠡᠨᠡ 30 ᠵᠢᠯ ᠳ᠋ᠥ ᠪᠠᠷᠢᠮᠵᠢᠶ᠎ᠠ ᠠᠪᠢᠶ᠎ᠠ ᠶ᠋ᠢ ᠭᠡᠷᠡᠭᠵᠢᠬᠦᠯᠵᠤ ᠲᠡᠯᠭᠡᠷᠡᠬᠦᠯᠬᠦ ᠠᠵᠢᠯ ‍ᠢ ᠦᠨᠡᠭᠡᠷ ᠵᠦᠪ ᠲᠠᠨᠢᠵᠤ ᠬᠦᠨᠳᠦ ᠦᠵᠠᠨ ᠬᠢᠨᠠᠮᠠᠭᠠᠢ ᠠᠳᠬᠤᠭᠰᠠᠨ ᠪᠤᠯ ᠶᠤᠰᠤᠳᠠᠢ ᠲᠦᠭᠡᠮᠡᠯᠵᠢᠬᠦᠯᠦᠭᠰᠡᠨ ᠭᠡᠮᠵᠢᠶᠠᠨ ᠳ᠋ᠥ ᠬᠦᠷᠴᠢᠭᠡᠭᠰᠡᠨ ᠪᠠᠶᠢᠵᠤ ᠪᠤᠯᠬᠤ ᠶᠤᠮ᠃ ᠭᠡᠳᠠᠯ᠎ᠠ ᠦᠨᠤᠳᠤᠷ ᠲᠠᠶᠢᠮᠤ ᠭᠡᠮᠵᠢᠶᠠᠨ ᠳ᠋ᠥ ᠬᠦᠷᠦᠭᠰᠡᠨ ᠦᠭᠡᠢ ᠪᠠᠶᠢᠳᠤᠭᠠᠢ ᠭᠡᠳᠡᠷᠬᠦ ᠪᠠᠨ ᠨᠠᠭᠠᠰᠢ ᠴᠠᠭᠠᠰᠢ ᠭᠤᠶᠢᠪᠢᠯᠵᠠᠬᠤ ᠲᠠᠪᠢᠯᠠᠩ ᠳ᠋ᠥ ᠲᠦᠬᠦᠭᠰᠡᠨ ‍ᠢ ᠰᠤᠨᠤᠰᠤᠭᠠᠳ ᠦᠨᠡᠭᠡᠷ ᠶᠠᠷᠢᠬᠤ ᠦᠭᠡᠢ ᠪᠠᠶᠢᠬᠤ ᠶ᠋ᠢᠨ ᠠᠷᠭ᠎ᠠ ᠦᠭᠡᠢ ᠳ᠋ᠥ ᠬᠦᠷᠦᠭᠰᠡᠨ ᠨᠢ ᠲᠤᠩ ᠬᠠᠷᠠᠮᠰᠠᠯᠳᠠᠢ᠃ ᠨᠢᠭᠡ ᠦᠨᠳᠦᠰᠦᠳᠠᠨ ‍ᠤ ᠭᠡᠯᠡ ᠠᠪᠢᠶᠠᠨ ‍ᠤ ᠨᠢᠭᠡᠳᠦᠯ ᠪᠤᠯ ᠲᠡᠬᠦᠨ ‍ᠤ ᠤᠷᠤᠰᠢᠨ ᠲᠤᠭᠳᠠᠨᠢᠬᠤ ᠪᠠ ᠬᠦᠭᠵᠢᠨ ᠮᠠᠨᠳᠤᠬᠤ ᠯᠤᠭ᠎ᠠ ᠰᠢᠭᠤᠳ ᠬᠤᠯᠪᠤᠭᠳᠠᠬᠤ ᠬᠦᠨᠳᠦ ᠴᠢᠬᠤᠯᠠ ᠠᠰᠠᠭᠤᠳᠠᠯ ᠪᠤᠯᠬᠤ ᠶᠤᠮ ᠭᠡᠳᠡᠭ ᠨᠢ ᠡᠷᠡᠬᠦᠯ ᠰᠠᠷᠠᠭᠤᠯ ᠲᠤᠮᠤᠭᠠᠳᠠᠢ ᠬᠦᠮᠦᠰ ‍ᠤᠨ ᠪᠦᠷ ᠲᠠᠨᠢᠵᠤ ᠮᠠᠳᠠᠵᠤ ᠪᠠᠶᠢᠭ᠎ᠠ ᠵᠦᠢᠯ ᠯᠠ ᠳ᠋ᠠ᠃ ᠦᠪᠡᠷ ᠦᠪᠡᠷ ‍ᠤᠨ ᠨᠤᠳᠤᠭ ‍ᠤᠨ ᠠᠶᠠᠯᠭᠤ ᠪᠠᠨ ᠦᠬᠦᠨ ᠵᠠᠭᠤᠷᠠᠭᠠᠳ ᠪᠠᠶᠢᠬᠤ ᠨᠢ ᠭᠡᠨ ᠠᠯᠢᠨ ‍ᠢ ᠬᠤᠭᠤᠷᠤᠨᠳᠤ ᠪᠠᠨ ᠦᠭᠡ ᠶᠠᠷᠢᠶ᠎ᠠ ᠪᠠᠨ ᠬᠠᠷᠢᠯᠴᠠᠨ ᠤᠶᠢᠯᠠᠭᠠᠬᠤ ᠦᠭᠡᠢ ᠭᠡᠮᠵᠢᠶᠠᠨ ᠳ᠋ᠥ ᠬᠦᠷᠭᠡᠵᠤ ᠨᠢᠭᠡ ᠦᠨᠳᠦᠰᠦᠳᠠᠨ ‍ᠤ ᠪᠦᠬᠦᠯᠢ ᠴᠤᠭᠴᠠ ᠶ᠋ᠢᠨ ᠬᠠᠷᠢᠯᠴᠠᠭ᠎ᠠ ᠤᠶᠢᠯᠠᠭᠠᠯᠴᠠᠭ᠎ᠠ᠂ ᠪᠦᠯᠬᠦᠮᠳᠠᠯ ᠨᠢᠭᠡᠳᠦᠯ᠂ ᠬᠦᠭᠵᠢᠯ ᠮᠠᠨᠳᠤᠯ ᠳ᠋ᠥ ᠲᠤᠶᠢᠯ ‍ᠤᠨ ᠠᠰᠢᠭ ᠦᠭᠡᠢ ᠶᠤᠮ ᠭᠡᠳᠡᠭ ‍ᠢ ᠴᠤ ᠠᠯᠢ ᠦᠨᠳᠦᠰᠦᠳᠠᠨ ᠭᠡᠳ ᠪᠦᠷ ᠭᠡᠶᠢᠳᠠᠯ᠎ᠠ ᠮᠡᠳᠡᠳᠡᠭ ᠤᠬᠠᠭᠠᠨ ᠪᠠᠶᠢᠭᠰᠠᠨ ᠶᠤᠮ᠃ ᠠᠷᠪᠠᠨ ᠭᠡᠳᠦᠨ ᠳ᠋ᠦᠩᠰᠢᠭᠤᠷ ᠠᠮᠠ ᠪᠦᠯᠢ ᠲᠠᠢ ᠪᠦᠭᠡᠳ ᠪᠦᠬᠦ ᠲᠡᠯᠡᠭᠡᠢ ᠶ᠋ᠢᠨ ᠴᠢᠨᠡᠭᠡᠨ ᠳ᠋ᠥ ᠲᠦᠭᠡᠭᠰᠡᠨ ᠬᠢᠳᠠᠳᠴᠤᠳ ᠨᠠᠩ ᠲᠤᠳᠤᠷᠬᠠᠢ ᠮᠠᠳᠠᠵᠤ ᠪᠡᠭᠡᠵᠢᠩ ᠠᠶᠠᠯᠭᠤ ᠪᠠᠷ ᠪᠠᠷᠢᠮᠵᠢᠶ᠎ᠠ ᠠᠪᠢᠶ᠎ᠠ ᠪᠤᠯᠭᠠᠵᠤ᠂ ᠲᠤᠮᠳᠠᠳᠤ ᠤᠯᠤᠰ ‍ᠤᠨ ᠲᠦᠪ ‍ᠤᠨ ᠱᠠᠳᠤᠨ ᠡᠴᠡ ᠤᠷᠤᠨ ᠨᠤᠳᠤᠭ ᠬᠦᠷᠳᠡᠯᠡᠬᠢ ᠡᠯ᠎ᠠ ᠲᠠᠰ ‍ᠤᠨ ᠠᠯᠢᠪᠠ ᠲᠸᠯᠸᠢᠰ ᠪᠦᠷ ᠪᠡᠭᠡᠵᠢᠩ ᠠᠶᠠᠯᠭᠤ ᠪᠠᠷ ᠶᠠᠷᠢᠬᠤ ᠶ᠋ᠢ ᠨᠢᠭᠡᠨᠳᠠ ᠲᠦᠭᠡᠮᠡᠯᠵᠢᠬᠦᠯᠴᠢᠭᠡᠭᠰᠡᠨ ᠪᠠᠶᠢᠬᠤ ᠳ᠋ᠥ᠂ ᠲᠤᠮᠳᠠᠳᠤ ᠶ᠋ᠢᠨ ᠬᠠᠷᠢᠶᠠᠨ ᠳ᠋ᠥ ᠨᠠᠷᠠᠢ ᠨᠠᠢᠮᠠᠬᠠᠨ ᠮᠤᠵᠢ ᠤᠷᠤᠨ ᠳ᠋ᠥ ᠲᠠᠷᠬᠠᠵᠤ ᠪᠠᠶᠢᠭ᠎ᠠ ᠲᠠᠪᠤᠬᠠᠨ ᠰᠠᠶ᠎ᠠ ᠠᠮᠠ ᠪᠦᠯᠢ ᠲᠠᠢ ᠮᠤᠩᠭᠤᠯᠴᠤᠳ ᠬᠠᠷᠢᠨ ᠮᠤᠩᠭᠤᠯ ᠭᠡᠯᠡᠨ ‍ᠤ ᠪᠠᠨ ᠪᠠᠷᠢᠮᠵᠢᠶ᠎ᠠ ᠠᠪᠢᠶ᠎ᠠ ᠪᠠᠨ ᠲᠠᠪᠴᠢᠵᠤ ᠭᠡᠷᠬᠢᠨ ᠪᠤᠯᠳᠠᠭ ᠪᠤᠢ᠂ ᠪᠢᠳᠠ ᠭᠡᠵᠢᠶᠠᠳᠠ ᠬᠠᠮᠠᠷ ‍ᠤᠨ ᠦᠵᠦᠬᠦᠷ ‍ᠢᠶ᠋ᠡᠨ ᠱᠠᠭᠠᠶᠢᠭᠠᠳ ᠬᠠᠷᠠᠯᠭᠠᠨ ᠶᠠᠪᠤᠵᠤ ᠶᠠᠭᠠᠬᠢᠭᠰᠠᠨ ᠴᠤ ᠪᠤᠯᠳᠠᠭ ᠦᠭᠡᠢ ᠰᠢᠤ᠃ ᠦᠩᠭᠡᠷᠡᠭᠰᠡᠨ ᠳ᠋ᠥ ᠮᠤᠩᠭᠤᠯᠴᠤᠳ ᠭᠡᠯᠡ ᠠᠪᠢᠶ᠎ᠠ ᠪᠠᠨ ᠪᠠᠷᠢᠮᠵᠢᠶᠠᠯᠠᠵᠤ ᠨᠢᠭᠡᠳᠭᠡᠬᠦ ᠠᠵᠢᠯ ‍ᠢ ᠠᠩᠬᠠᠷᠤᠯ ᠳ᠋ᠠᠭᠠᠨ ᠶᠠᠷᠤ ᠠᠪᠤᠭᠰᠠᠨ ᠦᠭᠡᠢ᠂ ᠪᠦᠷ ᠬᠤᠪᠢ ᠬᠤᠪᠢᠨ ‍ᠤ ᠠᠪᠢᠶ᠎ᠠ᠂ ᠨᠤᠳᠤᠭ ᠨᠤᠳᠤᠭ ‍ᠤᠨ ᠠᠶᠠᠯᠭᠤ ᠲᠠᠢ ᠪᠠᠨ ᠦᠬᠦᠨ ᠵᠠᠭᠤᠷᠠᠭᠠᠳ ᠪᠠᠶᠢᠭᠰᠠᠨ ᠡᠴᠡ ᠲᠦᠷᠦ ᠡᠵᠡᠯᠡᠭᠴᠢᠳ ᠲᠤ ᠲᠤᠬᠢᠶᠠᠯ ᠪᠤᠯᠤᠩᠭᠤᠳᠠ ᠴᠢᠮᠠᠶᠢ ᠮᠤᠩᠭᠤᠯ᠂ ᠮᠤᠩᠭᠤᠷ᠂ ᠲᠠᠭᠤᠷ᠂ ᠶᠤᠭᠤᠷ᠂ ᠪᠤᠤ ᠠᠨ᠂ ᠳ᠋ᠦᠩᠰᠢᠶᠠᠩ ᠁ ᠭᠡᠬᠦᠴᠢᠯᠠᠨ ᠠᠷᠪᠠᠨ ᠵᠦᠭ ᠲᠡᠭᠡᠨ ᠠᠩᠬᠢᠯᠠᠨ ᠠᠷᠭᠠᠯᠢ ᠪᠠᠷᠢᠬᠤ ᠴᠢᠳᠠᠯ ᠴᠦ ᠠᠯᠠᠭ᠎ᠠ ᠪᠤᠯᠭᠠᠭᠰᠠᠨ ᠪᠠᠶᠢᠬᠤ ᠦᠭᠡᠢ ᠤᠣ᠂ ᠭᠡᠷᠪᠠ ᠦᠨᠤᠳᠦᠷ ᠪᠢᠳᠠ ᠦᠩᠭᠡᠷᠡᠭᠰᠡᠨ ‍ᠤ ᠭᠠᠰᠢᠭᠤᠨ ᠲᠡᠣᠭᠡ ᠡᠴᠡ ᠪᠠᠨ ᠴᠢᠰᠤᠨ ᠰᠤᠷᠭᠠᠮᠵᠢ ᠠᠪᠴᠤ ᠤᠬᠠᠭᠠᠷᠠᠨ ᠰᠡᠭᠡᠭᠡᠷᠡᠳᠡᠭ ᠦᠭᠡᠢ᠂ ᠮᠦᠨ ᠯᠠ ᠤᠤᠯ ‍ᠤᠨ ᠲᠠᠷᠠ ᠬᠦ ᠢᠪᠴᠤᠤ ᠲᠠᠨᠢᠯᠳᠠ ᠤᠬᠤᠷᠬᠠᠨ ᠪᠤᠳᠤᠯᠭ᠎ᠠ ᠳ᠋ᠠᠭᠠᠨ ᠪᠠᠵᠠᠯᠠᠭᠳᠠᠭᠠᠳ ᠪᠠᠶᠢᠪᠠᠯ ᠬᠤᠵᠢᠮ ‍ᠤᠨ ᠡᠳᠦᠷ ᠬᠤᠶᠢᠰᠢ ᠶ᠋ᠢᠨ ᠮᠠᠷᠭᠠᠰᠢ᠂ ᠴᠠᠭ ᠦᠭᠡᠷᠡᠳᠤᠵᠤ ᠤᠯᠠᠷᠢᠯ ᠰᠢᠨᠠᠳᠤᠭᠡᠳ ᠢᠷᠡᠬᠦ ᠪᠠᠷ ᠨᠢ ᠴᠢᠮᠠᠢ ᠲᠠᠬᠢᠭᠠᠳ ᠪᠤᠷᠢᠶᠠᠳ ᠦᠨᠳᠦᠰᠦᠳᠠᠨ᠂ ᠪᠠᠷᠭᠤ ᠦᠨᠳᠦᠰᠦᠲᠡᠨ᠂ ᠬᠤᠷᠴᠢᠨ ᠦᠨᠳᠦᠰᠦᠳᠠᠨ᠂ ᠤᠶᠢᠷᠠᠳ ᠦᠨᠳᠦᠰᠦᠳᠠᠨ ᠁ ᠭᠡᠮᠡᠨ ᠴᠢᠨᠠᠭᠰᠢ ᠰᠠᠯᠭᠠᠨ ᠲᠠᠬᠢᠶ᠎ᠠ ᠮᠤᠰᠬᠢᠬᠤ ᠲᠡᠩᠭᠡᠭᠡ ᠦᠭᠡᠢ ᠪᠤᠳᠠᠷᠠᠭᠤᠯᠬᠤ ᠳ᠋ᠥ ᠪᠠᠰᠠ ᠴᠦ ᠪᠡᠯᠡᠭᠡᠨ ᠪᠤᠯᠤᠭᠠᠳ ᠦᠭᠬᠦᠨ᠎ᠠ ᠰᠢᠤ ᠃     

      ᠤᠳᠤᠭᠠᠨ ᠳ᠋ᠥ ᠬᠠᠬᠠᠵᠤ ᠤᠰᠤᠨ ᠳ᠋ᠥ ᠴᠠᠴᠠᠵᠤ ᠬᠦᠢᠴᠡᠭᠰᠡᠨ ᠮᠠᠨᠤᠰ ᠦᠨᠤᠳᠦᠷ ᠲᠡᠣᠭᠡᠨ ᠰᠤᠷᠭᠠᠮᠵᠢ ᠪᠠᠨ ᠨᠢᠮᠪᠠᠢ ᠳ᠋ᠦᠩᠨᠠᠵᠤ ᠪᠦᠯᠬᠦᠮᠳᠠᠯ ᠨᠢᠭᠡᠳᠦᠯ ‍ᠤᠨ ᠲᠡᠭᠡᠳᠦ ᠭᠡᠮᠵᠢᠶᠠᠨ ‍ᠤ ᠰᠡᠷᠭᠡᠭ ᠲᠠᠨᠢᠯᠳᠠ᠂ ᠬᠦᠭᠵᠢᠯ ᠮᠠᠨᠳᠤᠯ ‍ᠤᠨ ᠦᠨᠳᠦᠷ ᠲᠦᠪᠰᠢᠨ ‍ᠤ ᠬᠠᠷᠢᠭᠤᠴᠠᠯᠭᠠᠳᠤ ᠤᠪᠤᠷ ᠲᠠᠢ ᠪᠤᠯᠵᠤ ᠲᠠᠭᠠᠷᠠᠨ᠎ᠠ᠃ ᠨᠢᠭᠡ ᠦᠨᠳᠦᠰᠦᠳᠠᠨ ‍ᠤ ᠭᠡᠯᠡ ᠠᠶᠠᠯᠭᠤ ᠶ᠋ᠢ ᠨᠢᠭᠡᠳᠭᠡᠵᠤ ᠪᠠᠷᠢᠮᠵᠢᠶ᠎ᠠ ᠠᠪᠢᠶ᠎ᠠ ᠶ᠋ᠢ ᠲᠡᠯᠭᠡᠷᠡᠬᠦᠯᠦᠨ ᠲᠦᠭᠡᠮᠡᠯᠵᠢᠬᠦᠯᠬᠦ ᠶᠠᠪᠤᠳᠠᠯ ᠪᠤᠯ ᠨᠢᠭᠡ ᠦᠨᠳᠦᠰᠦᠳᠠᠨ ‍ᠤ ᠪᠦᠯᠬᠦᠮᠳᠠᠯ ᠨᠢᠭᠡᠳᠦᠯ᠂ ᠬᠦᠭᠵᠢᠯ ᠮᠠᠨᠳᠤᠯ ᠲᠠᠢ ᠬᠠᠮᠤᠭ ᠨᠢᠭᠳᠠ ᠪᠠᠷ ᠬᠤᠯᠪᠤᠭᠳᠠᠬᠤ ᠬᠦᠨᠳᠦ ᠴᠢᠬᠤᠯᠠ ᠠᠵᠢᠯ ᠪᠤᠯᠬᠤ ᠶᠤᠮ᠃ ᠮᠤᠩᠭᠤᠯ ᠷᠠᠳᠢᠤ᠋ ᠲᠸᠯᠸᠢᠰ ‍ᠤᠨ ᠶᠠᠷᠢᠵᠤ ᠨᠡᠪᠳᠡᠷᠡᠬᠦᠯᠬᠦ ᠶ᠋ᠢ ᠬᠤᠷᠴᠢᠨ ᠠᠶᠠᠯᠭᠤ ᠲᠠᠢ ᠤᠶᠢᠷᠠᠳᠤᠭᠤᠯᠤᠨ᠎ᠠ ᠭᠡᠮᠡᠨ ᠵᠦᠪᠯᠡᠭᠴᠢᠳ ‍ᠤᠨ ᠰᠢᠯᠳᠠᠭᠠᠨ ᠪᠤᠯ 200 ᠲᠦᠮᠠᠨ ᠬᠤᠷᠴᠢᠨᠴᠤᠳ ᠮᠤᠩᠭᠤᠯ ᠷᠠᠳᠢᠤ᠋ ᠲᠸᠯᠸᠢᠰ ‍ᠤᠨ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠰᠤᠨᠤᠰᠤᠭᠠᠳ ᠤᠶᠢᠯᠠᠭᠠᠬᠤ ᠦᠭᠡᠢ ᠶᠤᠮ ᠭᠡᠵᠤ ᠪᠠᠶᠢᠨ᠎ᠠ᠃ ᠡᠨᠳᠠ ᠶᠠᠭᠤᠨ ‍ᠤ ᠡᠮᠦᠨ᠎ᠠ ᠮᠤᠩᠭᠤᠯ ᠷᠠᠳᠢᠤ᠋ ᠲᠸᠯᠸᠢᠰ ‍ᠢᠶ᠋ᠡᠨ ᠰᠤᠨᠤᠰᠬᠤ ᠭᠡᠵᠤ ᠴᠢᠷᠮᠠᠶᠢᠵᠤ ᠪᠠᠶᠢᠭ᠎ᠠ ᠳ᠋ᠣᠨᠢ ᠲᠤᠶᠢᠯ ‍ᠢᠶ᠋ᠡᠷ ᠪᠠᠶᠠᠷᠯᠠᠵᠤ ᠪᠠᠶᠢᠭ᠎ᠠ ᠪᠠᠨ ᠢᠯᠡᠳᠭᠡᠶ᠎ᠠ᠂ ᠲᠠᠷᠠᠭ᠎ᠠ ᠨᠢ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠰᠤᠨᠤᠰᠤᠭᠠᠳ ᠤᠶᠢᠯᠠᠭᠠᠬᠤ ᠦᠭᠡᠢ ᠪᠠᠶᠢᠭ᠎ᠠ ᠶ᠋ᠢᠨ ᠤᠭ ᠰᠢᠯᠳᠠᠭᠠᠨ ‍ᠢ ᠲᠤᠳᠤᠷᠠᠭᠤᠯᠵᠤ ᠦᠭᠬᠦᠶ᠎ᠠ᠃ ᠤᠶᠢᠯᠠᠭᠠᠬᠤ ᠦᠭᠡᠢ ᠭᠡᠳᠡᠭ ᠨᠢ ᠴᠦᠭᠡᠨ ᠰᠤᠨᠤᠰᠤᠭᠰᠠᠨ ᠡᠴᠡ ᠯᠠ ᠪᠤᠯᠤᠭᠰᠠᠨ᠃ ᠰᠤᠨᠤᠰᠤᠭᠠᠳ ᠪᠠᠶᠢᠪᠠᠯ ᠰᠠᠷ᠎ᠠ ᠶ᠋ᠢᠨ ᠴᠠᠭ ᠴᠦ ᠪᠤᠯᠤᠯ ᠦᠭᠡᠢ ᠪᠠᠷ ᠯᠠᠪᠳᠠᠢ ᠲᠤᠭᠤᠷᠠᠳᠠᠯ᠎ᠠ ᠤᠶᠢᠯᠠᠭᠠᠴᠢᠬᠠᠬᠤ ᠶᠤᠮ᠃ ᠤᠴᠢᠷ ᠨᠢ ᠪᠢᠳᠠ ᠬᠤᠯᠠ ᠬᠤᠶᠢᠨ᠎ᠠ ᠰᠤᠷᠤᠭᠰᠠᠨ ᠬᠢᠳᠠᠳ ᠭᠡᠯᠡ ᠪᠠᠷ ᠶᠠᠷᠢᠬᠤ ᠶ᠋ᠢ᠂ ᠴᠢᠨᠠᠭᠰᠢᠯᠠᠨ ᠭᠠᠳᠠᠭᠠᠳᠤ ᠭᠡᠯᠡ ᠪᠠᠷ ᠶᠠᠷᠢᠬᠤ ᠶ᠋ᠢ ᠴᠤ ᠰᠤᠨᠤᠰᠤᠭᠠᠳ ᠪᠦᠷ ᠤᠶᠢᠯᠠᠭᠠᠵᠤ ᠲᠡᠶᠢᠯᠳᠡᠭ ᠰᠡᠷᠬᠦᠯᠠᠩ ᠬᠦᠮᠦᠰ ᠪᠤᠯᠤᠭᠠᠳ ᠡᠭᠡ ᠶ᠋ᠢᠨ ᠭᠡᠪᠠᠯᠢ ᠡᠴᠡ ᠤᠨᠠᠵᠤ ᠢᠷᠡᠩᠬᠦᠳᠠ ᠰᠤᠨᠤᠰᠤᠭᠠᠳ ᠯᠠ᠂ ᠶᠠᠷᠢᠭᠠᠳ ᠯᠠ ᠤᠬᠠᠭᠠᠵᠢᠵᠤ ᠦᠨᠳᠦᠷᠵᠢᠭᠰᠡᠨ ᠲᠦᠷᠦᠯᠬᠢ ᠭᠡᠯᠡᠨ ‍ᠤ ᠪᠠᠨ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠰᠤᠨᠤᠰᠤᠭᠠᠳ ᠤᠶᠢᠯᠠᠭᠠᠬᠤ ᠦᠭᠡᠢ ᠭᠡᠳᠡᠭ ᠶᠠᠪᠤᠳᠠᠯ ᠦᠨᠡᠭᠡᠷ ᠪᠠᠶᠢᠵᠤ ᠪᠤᠯᠳᠠᠭ ᠦᠭᠡᠢ ᠶᠤᠮ ᠡ᠃ ᠤᠶᠢᠯᠠᠭᠠᠬᠤ ᠦᠭᠡᠢ ᠭᠡᠳᠡᠭ ᠨᠢ ᠤᠭᠤ ᠪᠤᠳᠠᠳᠠᠢ ᠲᠠᠢ ᠨᠠᠶᠢᠴᠡᠬᠦ ᠦᠭᠡᠢ᠂ ᠶᠠᠮᠠᠷ ᠨᠢᠭᠡᠨ ᠭᠡᠷᠡᠭ ᠤᠴᠢᠷ ‍ᠤᠨ ᠬᠦᠭᠵᠢᠯᠳᠠ ᠶ᠋ᠢᠨ ᠲᠤᠳᠤᠭᠠᠳᠤ ᠵᠢᠮ᠎ᠠ ᠬᠠᠤᠯᠢ ᠲᠠᠢ ᠨᠠᠶᠢᠴᠡᠬᠦ ᠦᠭᠡᠢ᠂ ᠯᠤᠬᠢᠭ ᠲᠠᠢ ᠨᠠᠶᠢᠴᠠᠬᠦ ᠦᠭᠡᠢ ᠰᠢᠯᠳᠠᠭᠠᠨ ᠰᠢᠤ ᠳ᠋ᠠ᠃ ᠪᠢ ᠬᠦᠷᠢᠶ᠎ᠠ ᠬᠤᠰᠢᠭᠤᠨ ‍ᠤ ᠮᠠᠩᠬᠠᠨ ᠰᠤᠮᠤᠨ ᠳ᠋ᠥ ᠲᠦᠷᠦᠵᠤ ᠦᠰᠦᠨ᠂ ᠨᠤᠳᠤᠭ ᠲᠠᠭᠠᠨ ᠰᠠᠭᠤᠷᠢ ᠰᠤᠷᠭᠠᠨ ᠬᠦᠮᠦᠵᠢᠯ ‍ᠢ ᠬᠦᠷᠳᠠᠵᠤ ᠪᠠᠭᠰᠢ ᠶ᠋ᠢᠨ ᠰᠤᠷᠭᠠᠭᠤᠯᠢ ᠪᠠ ᠶᠡᠭᠡ ᠰᠤᠷᠭᠠᠭᠤᠯᠢ ᠪᠠᠨ ᠵᠢᠷᠢᠮ ᠠᠶᠢᠮᠠᠭ ‍ᠤᠨ ᠪᠠᠭᠰᠢ ᠶ᠋ᠢᠨ ᠰᠤᠷᠭᠠᠭᠤᠯᠢ ᠪᠤᠯᠤᠨ ᠦᠪᠦᠷ ᠮᠤᠩᠭᠤᠯ ‍ᠤᠨ ᠦᠨᠳᠦᠰᠦᠳᠠᠨ ‍ᠤ ᠪᠠᠭᠰᠢ ᠶ᠋ᠢᠨ ᠲᠡᠭᠡᠳᠦ ᠰᠤᠷᠭᠠᠭᠤᠯᠢ ᠳ᠋ᠥ ᠰᠤᠷᠤᠯᠴᠠᠵᠤ᠂ ᠬᠦᠷᠢᠶ᠎ᠠ ᠬᠤᠰᠢᠭᠤᠨ ‍ᠤ ᠡᠯᠡᠰᠤᠨ ᠪᠠᠯᠭᠠᠰᠤᠨ ᠳ᠋ᠥ ᠤᠳᠠᠭᠠᠨ ᠤᠨ ‍ᠢᠶ᠋ᠡᠷ ᠠᠵᠢᠯᠯᠠᠭᠰᠠᠨ ᠶᠤᠮ᠃ ᠲᠦᠩᠯᠢᠶᠤᠤ ᠤᠷᠤᠨ ᠡᠴᠡ ᠲᠦᠭᠡ ᠲᠠᠳᠤᠢ ᠰᠠᠯᠤᠭ᠎ᠠ ᠦᠭᠡᠢ᠂ ᠬᠤᠷᠴᠢᠨ ᠨᠤᠳᠤᠭ ᠡᠴᠡ ᠬᠤᠷᠤᠭᠤ ᠬᠢᠷᠢᠨ ᠴᠦ ᠵᠠᠶᠢᠳᠠᠭ᠎ᠠ ᠦᠭᠡᠢ ᠬᠦᠮᠦᠨ᠃ ᠭᠡᠬᠦ ᠳ᠋ᠥ ᠮᠤᠩᠭᠤᠯ ᠭᠡᠯᠡᠨ ‍ᠤ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠰᠤᠨᠤᠰᠤᠭᠠᠳ ᠤᠶᠢᠯᠠᠭᠠᠬᠤ ᠦᠭᠡᠢ ᠶᠠᠪᠤᠳᠠᠯ ᠤᠭᠳᠤ ᠪᠠᠶᠢᠳᠠᠭ ᠦᠭᠡᠢ ᠪᠠᠷ ᠪᠠᠷᠠᠬᠤ ᠦᠭᠡᠢ᠂ ᠪᠦᠷ ᠴᠤ ᠮᠤᠩᠭᠤᠯ ᠭᠡᠯᠡᠨ ‍ᠤ ᠪᠠᠷᠢᠮᠵᠢᠶ᠎ᠠ ᠠᠪᠢᠶ᠎ᠠ ᠪᠠᠷ ‍ᠢᠶ᠋ᠡᠨ ᠶᠠᠷᠢᠳᠠᠭ ᠴᠦ ᠬᠦᠮᠦᠨ ᠶᠤᠮ᠃ ᠮᠢᠨᠤ ᠬᠤᠶᠠᠷ ᠭᠡᠣᠭᠡᠳ ᠴᠦ ᠪᠦᠷ ᠪᠠᠷᠢᠮᠵᠢᠶ᠎ᠠ ᠠᠪᠢᠶ᠎ᠠ ᠪᠠᠷ ‍ᠢᠶ᠋ᠡᠨ ᠶᠠᠷᠢᠳᠠᠭ ᠴᠦ ᠬᠦᠮᠦᠨ ᠶᠤᠮ᠃ ᠮᠢᠨᠤ ᠬᠤᠶᠠᠷ ᠭᠡᠣᠭᠡᠳ ᠴᠦ ᠪᠦᠷ ᠪᠠᠷᠢᠮᠢᠶ᠎ᠠ ᠠᠪᠢᠶ᠎ᠠ ᠪᠠᠷ ᠶᠠᠷᠢᠵᠤ ᠴᠢᠳᠠᠳᠠᠭ ᠪᠢᠯᠠ᠃ ᠡᠯᠡᠰᠤᠨ ᠪᠠᠯᠭᠠᠰᠤ ᠪᠤᠯ 12000 ᠢᠯᠡᠬᠦᠦ ᠬᠦᠮᠦᠨ ᠠᠮᠠ ᠲᠠᠢ ᠴᠤᠯ ᠮᠤᠩᠭᠤᠯ ᠦᠨᠳᠦᠰᠦᠳᠠᠨ ‍ᠤ ᠪᠠᠯᠭᠠᠰᠤ ᠶᠤᠮ᠃ ᠲᠡᠨᠳᠡᠬᠢ ᠮᠤᠩᠭᠤᠯᠴᠤᠳ ᠭᠡᠵᠢᠶᠠᠳᠠ ᠦᠪᠦᠷ ᠮᠤᠩᠭᠤᠯ ‍ᠤᠨ ᠮᠤᠩᠭᠤᠯ ᠲᠸᠯᠸᠢᠰ ‍ᠢᠶ᠋ᠡᠨ ᠯᠠ ᠦᠵᠡᠳᠡᠭ᠃ ᠭᠡᠳᠠᠯ᠎ᠠ ᠲᠠᠳᠠ ᠲᠡᠬᠦᠨ ‍ᠢ ᠤᠶᠢᠯᠠᠭᠠᠬᠤ ᠦᠭᠡᠢ ᠭᠡᠵᠤ ᠭᠡᠯᠡᠭᠰᠡᠨ ᠬᠦᠮᠦᠨ ᠨᠢᠭᠡ ᠴᠦ ᠪᠠᠶᠢᠭᠰᠠᠨ ᠦᠭᠡᠢ᠃ ᠬᠠᠷᠢᠨ ᠮᠤᠩᠭᠤᠯ ᠲᠸᠯᠸᠢᠰ ᠡᠴᠡ ᠪᠠᠨ ᠦᠵᠡᠭᠰᠡᠨ ᠰᠤᠨᠤᠰᠤᠭᠰᠠᠨ ᠵᠦᠢᠯ ‍ᠢᠶ᠋ᠡᠨ 《 ᠡᠶᠢᠮᠤ ᠭᠡᠳᠡᠯ᠎ᠠ ᠲᠠᠶᠢᠮᠤ 》 ᠭᠡᠳ ᠲᠤᠩ ᠬᠦᠭᠵᠢᠶᠠᠨᠳᠠᠢ ᠵᠤᠭᠤᠭᠳᠠᠳᠠᠭ ᠪᠠᠶᠢᠭᠰᠠᠨ ᠶᠤᠮ᠃ ᠬᠦᠷᠢᠶ᠎ᠠ ᠬᠤᠰᠢᠭᠤᠨ ᠳ᠋ᠥ ᠡᠯᠡᠰᠤᠨ ᠪᠠᠯᠭᠠᠰᠤ ᠰᠢᠭ᠋ ᠴᠤᠯ ᠮᠤᠩᠭᠤᠯ ᠰᠤᠮᠤ ᠪᠠᠯᠭᠠᠰᠤ ᠮᠠᠩᠬ᠎ᠠ᠂ ᠬᠠᠷᠠᠭᠤᠤ᠂ ᠪᠠᠶᠠᠨᠬᠤᠸᠠ᠂ ᠶᠠᠩᠰᠢᠪ᠂ ᠶᠠᠩᠰᠢᠪ ᠰᠢᠭᠤᠢ ᠶ᠋ᠢᠨ ᠲᠠᠯᠠᠪᠠᠢ ᠭᠡᠳ ᠤᠤᠯ ᠨᠢ ᠵᠢᠷᠭᠤᠭ᠎ᠠ ᠪᠠᠶᠢᠭᠰᠠᠨ ᠶᠤᠮ᠃ ᠶᠠᠳᠠᠬᠤ ᠳ᠋ᠥ 6 ᠲᠦᠮᠠᠨ ᠬᠦᠮᠦᠨ ᠪᠦᠯᠢ ᠲᠠᠢ᠃ ᠲᠠᠳᠠ ᠮᠤᠩᠭᠤᠯ ᠷᠠᠳᠢᠤ᠋ ᠲᠸᠯᠸᠢᠰ ‍ᠤᠨ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠦᠵᠠᠵᠤ ᠰᠤᠨᠤᠰᠤᠭᠠᠳ ᠪᠦᠷ ᠤᠶᠢᠯᠠᠭᠠᠳᠠᠭ᠃ ᠴᠤᠯ ᠮᠤᠩᠭᠤᠯ ᠭᠠᠵᠠᠷ ᠤᠷᠤᠨ ‍ᠤ ᠮᠤᠩᠭᠤᠯᠴᠤᠳ ᠮᠤᠩᠭᠤᠯ ᠷᠠᠳᠢᠤ᠋ ᠲᠸᠯᠸᠢᠰ ‍ᠤᠨ ᠪᠠᠷᠢᠮᠢᠵᠶ᠎ᠠ ᠠᠪᠢᠶ᠎ᠠ ᠪᠠᠷ ᠶᠠᠷᠢᠬᠤ ᠶ᠋ᠢ ᠰᠤᠨᠤᠰᠤᠭᠠᠳ ᠤᠶᠢᠯᠠᠭᠠᠬᠤ ᠦᠭᠡᠢ ᠭᠡᠳᠡᠭ ᠤᠴᠢᠷ ᠪᠦᠷᠢᠮᠤᠰᠤᠨ ᠤᠷᠤᠰᠢᠬᠤ ᠦᠭᠡᠢ ᠶᠤᠮ᠃ ᠬᠢᠳᠠᠳ ᠮᠤᠩᠭᠤᠯ ᠬᠤᠯᠢᠮᠠᠭ ᠤᠷᠤᠨ ‍ᠤ ᠵᠠᠷᠢᠮ ᠮᠤᠩᠭᠤᠯᠴᠤᠳ ᠪᠠᠷᠢᠮᠵᠢᠶ᠎ᠠ ᠠᠪᠢᠶ᠎ᠠ ᠪᠠᠷ ᠪᠠᠶᠢᠳᠤᠭᠠᠢ ᠰᠢᠭᠤᠳ ᠯᠠ ᠬᠤᠷᠴᠢᠨ ᠠᠶᠠᠯᠭᠤ ᠪᠠᠷ ᠶᠠᠷᠢᠭᠠᠳ ᠦᠭᠬᠦᠭᠰᠡᠨ ᠴᠦ ᠤᠶᠢᠯᠠᠭᠠᠳᠠᠭ ᠦᠭᠡᠢ ᠪᠤᠯᠤᠭᠰᠠᠨ ᠨᠢ ᠭᠠᠶᠢᠬᠠᠯᠳᠠᠢ ᠪᠢᠯᠠ᠃ ᠦᠭᠡ ᠶ᠋ᠢ ᠡᠷᠬᠢᠬᠦᠯᠦᠭᠡᠳ ᠶᠠᠷᠢᠪᠠᠯ᠂ ᠦᠨᠳᠦᠰᠤᠨ ᠠᠷᠠᠳ ᠲᠦᠮᠠᠨ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠤᠶᠢᠯᠠᠭᠠᠳᠠᠭ ᠦᠭᠡᠢ ᠨᠢ ᠴᠤᠬᠤᠮ ᠴᠦᠭᠡᠨ᠃ 9 ‍ᠤ ᠡᠳᠦᠷ ‍ᠤᠨ ᠶᠠᠷᠢᠯᠴᠠᠭᠠᠨ ᠳ᠋ᠥ 《 ᠵᠠᠷᠢᠮ ‍ᠤᠨ ᠤᠷᠠᠨ ᠵᠤᠬᠢᠶᠠᠯ 》 ᠰᠡᠳᠬᠦᠯ ‍ᠤᠨ ᠶᠠᠷᠤᠩᠭᠡᠢ ᠨᠠᠶᠢᠷᠠᠭᠤᠯᠤᠭᠴᠢ ᠭᠤᠤᠯᠳᠤ ᠪᠠᠭᠰᠢ᠄ 《 ᠪᠢ ᠴᠦ ᠬᠤᠷᠴᠢᠨ ᠬᠦᠮᠦᠨ᠂ ᠮᠢᠨᠤ 76 ᠨᠠᠰᠤᠳᠠᠢ ᠡᠵᠢ ᠭᠡᠵᠢᠶᠠᠳᠠ ᠦᠪᠦᠷ ᠮᠤᠩᠭᠤᠯ ‍ᠤᠨ ᠮᠤᠩᠭᠤᠯ ᠲᠸᠯᠸᠢᠰ ‍ᠢᠶ᠋ᠡᠨ ᠦᠵᠡᠳᠡᠭ ᠂ ᠲᠡᠭᠡᠭᠡᠳ ᠪᠦᠷ ᠲᠤᠶᠢᠯᠪᠤᠷᠢᠳᠠᠢ ᠤᠶᠢᠯᠠᠭᠠᠳᠠᠭ 》 ᠭᠡᠵᠤ ᠶᠠᠷᠢᠭᠰᠠᠨ᠃ ᠤᠳᠤ ᠳ᠋ᠥ ᠮᠤᠩᠭᠤᠯ ᠰᠤᠷᠭᠠᠭᠤᠯᠢ ᠳ᠋ᠥ ᠰᠤᠷᠴᠤ ᠪᠠᠶᠢᠭ᠎ᠠ ᠭᠡᠣᠭᠡᠳ᠂ ᠮᠤᠩᠭᠤᠯ ᠰᠤᠷᠭᠠᠭᠤᠯᠢ ᠳ᠋ᠥ ᠰᠤᠷᠤᠯᠴᠠᠭᠠᠳ ᠭᠠᠷᠤᠭᠰᠠᠨ ᠵᠠᠯᠠᠭᠤᠴᠤᠳ ᠮᠤᠩᠭᠤᠯ ᠲᠸᠯᠸᠢᠰ ‍ᠢᠶ᠋ᠡᠨ ᠦᠵᠡᠳᠡᠭ ᠯᠠ ᠶᠤᠮ ᠪᠤᠯ ᠰᠤᠨᠤᠰᠤᠭᠠᠳ ᠤᠶᠢᠯᠠᠭᠠᠳᠠᠭ ᠦᠭᠡᠢ ᠭᠡᠳᠡᠭ ᠤᠴᠢᠷ ᠪᠠᠶᠢᠳᠠᠭ ᠦᠭᠡᠢ ᠰᠢᠤ᠃ ᠤᠴᠢᠷ ᠨᠢ ᠪᠠᠭᠰᠢ ᠶ᠋ᠢ ᠨᠢ ᠪᠦᠷ ᠪᠠᠷᠢᠮᠵᠢᠶ᠎ᠠ ᠠᠪᠢᠶ᠎ᠠ ᠪᠠᠷ ᠬᠢᠴᠢᠶᠠᠯᠯᠡᠬᠦ ᠶ᠋ᠢ ᠱᠠᠭᠠᠷᠳᠠᠳᠠᠭ ᠶᠤᠮ᠃ ᠢᠩᠬᠢᠭᠡᠳ ᠪᠤᠳᠤᠪᠠᠯ ᠬᠤᠷᠴᠢᠨ ‍ᠤ 200 ᠲᠦᠮᠠᠨ ᠮᠤᠩᠭᠤᠯᠴᠤᠳ ᠡᠴᠡ ᠶᠠᠳᠠᠬᠤ ᠳ᠋ᠥ 150 ᠲᠦᠮᠠ ᠨᠢ ᠡᠭᠡ ᠮᠤᠩᠭᠤᠯ ᠭᠡᠯᠡᠨ ‍ᠤ ᠪᠠᠨ ᠪᠠᠷᠢᠮᠵᠢᠶ᠎ᠠ ᠠᠪᠢᠶ᠎ᠠ ᠪᠠᠷ ᠶᠠᠷᠢᠬᠤ ᠶ᠋ᠢ ᠰᠤᠨᠤᠰᠤᠭᠠᠳ ᠠᠰᠠᠭᠤᠳᠠᠯ ᠦᠭᠡᠢ ᠤᠶᠢᠯᠠᠭᠠᠳᠠᠭ ᠶᠤᠮ ᠭᠡᠳᠡᠭ ᠲᠦ ᠡᠷᠡᠭᠡᠯᠵᠡᠬᠦ ᠨᠤᠷᠮ᠎ᠠ ᠤᠭᠳᠤᠬᠠᠨ ᠴᠦ ᠪᠠᠶᠢᠬᠤ ᠦᠭᠡᠢ᠃     

      ᠮᠤᠩᠭᠤᠯ ᠭᠡᠯᠡᠨ ‍ᠤ ᠪᠠᠷᠢᠮᠵᠢᠶ᠎ᠠ ᠠᠪᠢᠶ᠎ᠠ ᠶ᠋ᠢ ᠲᠤᠭᠳᠠᠭᠠᠬᠤ ᠳ᠋ᠥ ᠦᠨᠡᠭᠡᠷ ᠡᠯ᠎ᠠ ᠲᠠᠯ᠎ᠠ ᠶ᠋ᠢ ᠦᠨᠳᠦᠰᠦᠯᠡᠭᠰᠡᠨ ᠪᠦᠭᠡᠳ ᠪᠤᠳᠤᠯᠬᠢᠯᠠᠭᠰᠠᠨ ᠭᠡᠵᠤ ᠲᠤᠬᠠᠢ ᠶ᠋ᠢᠨ ᠦᠶ᠎ᠠ ᠳ᠋ᠥ ᠲᠤᠳᠤᠷᠬᠠᠶᠢᠯᠠᠵᠤ ᠪᠠᠶᠢᠭᠰᠠᠨ ᠶᠤᠮ᠃ ᠲᠤᠬᠠᠶᠢᠯᠠᠪᠠᠯ ᠲᠡᠣᠭᠡ ᠶ᠋ᠢᠨ᠂ ᠭᠠᠵᠠᠷ ᠵᠦᠢ ᠶ᠋ᠢᠨ᠂ ᠭᠡᠯᠡ ᠶᠠᠷᠢᠶᠠᠨ ‍ᠤ ᠰᠤᠨᠤᠰᠪᠤᠷᠢ ᠶ᠋ᠢᠨ᠂ ᠪᠠᠰᠠ ᠲᠡᠯᠡᠭᠡᠢ ᠶ᠋ᠢᠨ᠂ ᠢᠯᠠᠩᠭᠤᠶ᠎ᠠ ᠬᠠᠯᠬᠠᠴᠤᠳ ‍ᠤᠨ ᠭᠡᠯᠡ ᠶᠠᠷᠢᠶ᠎ᠠ ᠶ᠋ᠢᠨ ᠪᠠᠶᠢᠳᠠᠯ ᠁ ᠭᠡᠬᠦᠴᠢᠯᠠᠨ ᠤᠯᠠᠨ ᠲᠠᠯ᠎ᠠ ᠶ᠋ᠢ ᠬᠠᠷᠠᠭᠠᠯᠵᠠᠭᠰᠠᠨ ᠭᠡᠵᠤ ᠶᠠᠷᠢᠵᠤ ᠪᠠᠶᠢᠭᠰᠠᠨ ᠶᠤᠮ᠃ ᠪᠠᠭᠴᠠᠯᠠᠪᠠᠯ ᠲᠡᠯᠡᠭᠡᠢ ᠶ᠋ᠢᠨ ᠪᠦᠬᠦ ᠮᠤᠩᠭᠤᠯᠴᠤᠳ ‍ᠤᠨ ᠭᠡᠯᠡ ᠶᠠᠷᠢᠶᠠᠨ ‍ᠤ ᠨᠢᠭᠡᠳᠦᠯ ‍ᠢ ᠠᠩᠬᠠᠷᠤᠨ ᠬᠦᠨᠳᠦᠳᠭᠡᠭᠰᠡᠨ ᠪᠠᠶᠢᠳᠠᠭ ᠶᠤᠮ᠃ ᠪᠠᠷᠢᠮᠵᠢᠶ᠎ᠠ ᠠᠪᠢᠶ᠎ᠠ ᠶ᠋ᠢ ᠲᠤᠭᠳᠠᠭᠠᠬᠤ ᠳ᠋ᠥ ᠬᠤᠷᠴᠢᠨ ‍ᠤ ᠡᠷᠳᠡᠮᠳᠡᠳ ᠪᠠᠰᠠ ᠤᠷᠤᠯᠴᠠᠵᠤ ᠪᠠᠶᠢᠭᠰᠠᠨ ᠰᠢᠤ᠃ ᠲᠠᠳᠠ 《 ᠬᠤᠷᠴᠢᠨ 》 ᠭᠡᠵᠤ ᠬᠤᠮᠠᠬᠢᠴᠢᠯᠠᠭᠰᠠᠨ ᠦᠭᠡᠢ ᠨᠢ ᠦᠨᠡᠭᠡᠷ 10 ᠰᠠᠶ᠎ᠠ ᠳ᠋ᠥ ᠬᠠᠨᠳᠤᠭᠰᠠᠨ ᠠᠯᠤᠰ ‍ᠤᠨ ᠬᠠᠷᠠᠴᠠ᠂ ᠠᠤᠭ᠎ᠠ ᠪᠤᠳᠤᠯᠭ᠎ᠠ ᠡ᠃     

      ᠮᠤᠩᠭᠤᠯ ᠷᠠᠳᠢᠤ᠋ ᠲᠸᠯᠸᠢᠰᠴᠤᠳ ᠮᠢᠨᠢ᠂ ᠠᠯᠢ ᠨᠢᠭᠡ ᠨᠤᠳᠤᠭ ‍ᠤᠨ ᠠᠶᠠᠯᠭᠤᠳᠠᠨ ‍ᠢ ᠬᠠᠷᠠᠭᠠᠯᠵᠠᠬᠤ ᠭᠡᠵᠤ ᠠᠯᠮᠠᠶᠢᠷᠠᠬᠤ ᠶ᠋ᠢᠨ ᠤᠷᠤᠨ ᠳ᠋ᠥ ᠬᠤᠯᠠ ᠶ᠋ᠢ ᠬᠠᠷᠠᠨ ᠬᠤᠷᠸ᠎ᠠ ᠶ᠋ᠢ ᠰᠡᠳᠬᠢᠵᠤ᠂ ᠤᠯᠠᠨ ᠨᠤᠳᠤᠭ ‍ᠤᠨ ᠠᠶᠠᠯᠭᠤᠳᠠᠨ ᠳ᠋ᠠᠭᠠᠨ ᠪᠠᠷᠢᠮᠵᠢᠶ᠎ᠠ ᠠᠪᠢᠶ᠎ᠠ ᠪᠠᠨ ᠠᠯᠢ ᠲᠦᠷᠭᠡᠨ ‍ᠢᠶ᠋ᠡᠷ ᠲᠡᠯᠭᠡᠷᠡᠬᠦᠯᠵᠤ᠂ ᠭᠡᠯᠡ ᠠᠪᠢᠶ᠎ᠠ ᠪᠠᠨ ᠡᠷᠳᠡ ᠨᠢᠭᠡᠨ ᠡᠳᠦᠷ ᠨᠢᠭᠡᠳᠭᠡᠨ ᠲᠦᠷᠢᠮᠵᠢᠬᠦᠯᠬᠦ ᠭᠡᠮᠡᠨ ᠤᠬᠠᠭᠠᠨ ‍ᠢᠶ᠋ᠡᠨ ᠰᠢᠪᠬᠠᠵᠤ ᠦᠰᠤ ᠪᠠᠨ ᠲᠡᠬᠦᠬᠦ ᠨᠢ ᠲᠦᠮᠠᠨ ᠵᠦᠪ ᠪᠤᠶᠤ᠃ ᠲᠠᠶᠢᠮᠤ ᠡ᠂ ᠪᠢᠳᠡᠭᠡᠢ ᠪᠤᠷᠤᠭᠤ ᠵᠠᠮ ‍ᠢᠶ᠋ᠡᠷ ᠪᠤᠳᠠᠭ᠎ᠠ ᠲᠡᠭᠡᠭᠡᠭᠡᠳ ᠪᠤᠴᠠᠬᠤ ᠵᠠᠮ ᠳ᠋ᠠᠭᠠᠨ ᠰᠢᠷᠤᠢ ᠲᠡᠭᠡᠭᠡᠴᠢᠬᠡᠶ᠎ᠠ᠃ ᠵᠠ᠂ ᠪᠦᠬᠦ ᠮᠤᠩᠭᠤᠯᠴᠤᠳ ᠮᠢᠨᠢ᠂ ᠪᠢᠳᠠ ᠪᠦᠬᠦᠳᠡᠭᠡᠷ ᠬᠠᠰᠢ ᠯᠠ ᠪᠠᠷᠢᠮᠵᠢᠶ᠎ᠠ ᠠᠪᠢᠶ᠎ᠠ ᠪᠠᠨ ᠪᠠᠭᠠᠬᠠᠨ ᠴᠤ ᠭᠤᠶᠢᠪᠢᠰᠢ ᠦᠭᠡᠢ ᠪᠠᠳᠤ ᠪᠠᠷᠢᠮᠳᠠᠯᠠᠶ᠎ᠠ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ