ᠴᠠᠭ ᠨᠡᠮᠡᠵᠦ ᠠᠵᠢᠯᠯᠠᠬᠤ ᠨᠢ ᠡᠮᠡᠭᠲᠡᠢᠢᠴᠦᠳ ᠤᠨ ᠡᠷᠡᠬᠦᠯ ᠮᠡᠨᠲᠦ ᠶᠢ ᠶᠡᠬᠡ ᠪᠡᠷ ᠨᠦᠯᠦᠭᠡᠯᠡᠲᠡᠭ

ᠤᠩᠰᠢᠭᠰᠠᠨ ᠤᠳᠠᠭ᠎ᠠ ᠄ 808    ᠨᠡᠶᠢᠳᠡᠯᠡᠭᠰᠡᠨ ᠴᠠᠭ ᠄ 2016-07-13

    ᠠᠮᠸᠷᠢᠺᠠ ᠶᠢᠨ《ᠲᠤᠬᠠᠢᠢᠯᠠᠭᠰᠠᠨ ᠠᠵᠢᠯ ᠪᠤᠯᠤᠨ ᠤᠷᠴᠢᠨ ᠲᠤᠭᠤᠷᠢᠨ ᠠᠨᠠᠭᠠᠬᠤ ᠤᠬᠠᠭᠠᠨ》ᠰᠡᠳᠭᠦᠯ ᠳ᠋ᠤ ᠨᠡᠢᠢᠲᠡᠯᠡᠭᠰᠡᠨ ᠰᠤᠲᠤᠯᠭᠠᠨ ᠤ ᠦᠭᠦᠯᠡᠯ ᠳ᠋ᠤ ᠬᠡᠯᠡᠬᠦ ᠳ᠋ᠡᠭᠡᠨ᠂ ᠴᠠᠭ ᠨᠡᠮᠡᠵᠦ ᠠᠵᠢᠯᠯᠠᠬᠤ ᠨᠢ ᠡᠮᠡᠭᠲᠡᠢᠢᠴᠤᠳ ᠤᠨ ᠡᠷᠡᠬᠦᠯ ᠮᠡᠨᠲᠦ ᠶᠢ ᠶᠡᠬᠡ ᠪᠡᠷ ᠨᠦᠯᠦᠭᠡᠯᠡᠲᠡᠭ᠂ ᠦᠮᠠᠨ ᠡᠪᠡᠳᠴᠢᠨ᠂ ᠵᠢᠷᠦᠬᠡᠨ ᠤ ᠡᠪᠡᠳᠴᠢᠨ ᠳ᠋ᠤ ᠨᠡᠷᠪᠡᠭ᠍ᠲᠡᠬᠦ ᠠᠶᠤᠯ ᠨᠢ ᠭᠤᠷᠪᠠᠨ ᠲᠠᠬᠢᠨ ᠪᠤᠯᠲᠠᠭ᠃ ᠡᠷᠡᠭᠲᠡᠢᠢᠴᠦᠳ ᠴᠠᠭ ᠨᠡᠮᠡᠵᠦ ᠠᠵᠢᠯᠯᠠᠬᠤ ᠳ᠋ᠤ ᠲᠠᠮᠠᠢ ᠶᠡᠬᠡ ᠨᠦᠯᠦᠭᠡ ᠪᠤᠯᠲᠠᠭ ᠦᠭᠡᠢ᠂ ᠴᠢᠨᠠᠭᠰᠢᠯᠠᠪᠠᠯ ᠵᠠᠷᠢᠮ ᠲᠠᠯ᠎ᠠ ᠪᠡᠷ ᠪᠠᠶ᠎ᠠ ᠶᠢᠨ ᠡᠷᠡᠭᠦᠯ ᠮᠡᠨᠳᠦ ᠳ᠋ᠤ ᠲᠤᠰᠠᠲᠠᠢ ᠪᠠᠢᠢᠲᠠᠭ᠃ ᠠᠮᠸᠷᠢᠺᠠ ᠶᠢᠨ ᠰᠤᠲᠤᠯᠭᠠᠲᠠᠳ 7500 ᠭᠠᠷᠤᠢ ᠬᠦᠮᠦᠨ ᠤ 32 ᠵᠢᠯ ᠤᠨ ᠠᠵᠢᠯ ᠰᠤᠷᠤᠯᠴᠠᠯᠭ᠎ᠠ ᠠᠮᠢᠲᠤᠷᠠᠯ ᠳ᠋ᠤ ᠪᠠᠢᠢᠴᠠᠭᠠᠯᠲᠠ ᠬᠢᠭᠡᠳ ᠵᠠᠭᠤᠨ ᠤ 72  ᠤᠨ ᠬᠦᠮᠦᠨ ᠭᠠᠷᠠᠭ ᠲᠤ 40 ᠴᠠᠭ ᠢᠯᠡᠬᠦᠦ ᠠᠵᠢᠯᠯᠠᠵᠤ ᠪᠠᠢᠢᠬᠤ ᠶᠢ ᠲᠡᠮᠲᠡᠭᠯᠡᠵᠡᠢ᠃

    ᠪᠠᠢᠢᠴᠠᠭᠠᠯᠲᠠ ᠶᠢᠨ ᠢᠯᠡᠷᠡᠬᠦᠯᠦᠭᠰᠡᠨ ᠶᠢᠡᠷ᠂ ᠡᠮᠡᠭᠲᠡᠢᠢᠴᠦᠳ ᠤᠲᠠᠭᠠᠨ ᠵᠢᠯ ᠶᠢᠡᠷ ᠴᠠᠭ ᠨᠡᠮᠡᠵᠦ ᠠᠵᠢᠯᠯᠠᠬᠤ ᠨᠢ ᠡᠷᠲᠡ ᠦᠬᠦᠬᠦ ᠪᠤᠯᠤᠯᠴᠠᠭ᠎ᠠ ᠲᠠᠢ᠂ ᠭᠠᠷᠠᠭ ᠲᠤ 60 ᠴᠠᠭ ᠡᠴᠡ ᠲᠡᠭᠡᠭ᠍ᠰᠢ ᠠᠵᠢᠯᠯᠠᠬᠤ ᠳ᠋ᠤ ᠬᠦᠷᠪᠡᠯ ᠵᠢᠷᠦᠬᠡᠨ ᠡᠪᠡᠳᠴᠢᠨ᠂ ᠦᠮᠠᠨ ᠡᠪᠡᠳᠴᠢᠨ᠂ ᠰᠢᠬᠢᠷ ᠰᠢᠵᠢᠩ ᠡᠪᠡᠳᠴᠢᠨ᠂ ᠦᠶ᠎ᠠ ᠭᠡᠰᠢᠭᠦᠨ ᠤ ᠦᠷᠪᠢᠰᠦᠯ ᠳ᠋ᠤ ᠨᠡᠷᠪᠡᠭ᠍ᠲᠡᠬᠦ ᠪᠤᠯᠤᠮᠵᠢ ᠦᠨᠳᠦᠷ ᠪᠠᠢᠢᠲᠠᠭ᠃ ᠭᠡᠬᠦ ᠳ᠋ᠡᠭᠡᠨ ᠡᠷᠡᠭᠲᠡᠢᠢᠴᠤᠳ ᠤᠨ ᠬᠤᠪᠢ ᠳ᠋ᠤ ᠴᠠᠭ ᠨᠡᠮᠡᠵᠦ ᠠᠵᠢᠯᠯᠠᠬᠤ ᠨᠢ ᠪᠠᠶ᠎ᠠ ᠶᠢᠨ ᠡᠷᠡᠬᠦᠯ ᠮᠡᠨᠲᠦ ᠳ᠋ᠤ ᠲᠠᠮᠠᠢ ᠶᠡᠬᠡ ᠨᠦᠯᠦᠭᠡ ᠪᠤᠯᠲᠠᠭ ᠦᠭᠡᠢ᠃ ᠭᠠᠷᠠᠭ ᠲᠤ 41 ᠡᠴᠡ 50 ᠴᠠᠭ ᠠᠵᠢᠯᠯᠠᠭᠰᠠᠨ ᠡᠷᠡᠭᠲᠡᠢᠢᠴᠦᠳ  ᠭᠠᠷᠠᠭ ᠲᠤ 40 ᠴᠠᠭ ᠡᠴᠡ ᠪᠠᠭ᠎ᠠ ᠠᠵᠢᠯᠯᠠᠭᠰᠠᠨ ᠡᠷᠡᠭᠲᠡᠢᠢᠴᠦᠳ ᠲᠠᠢ ᠬᠠᠷᠢᠴᠠᠭᠤᠯᠪᠠᠯ ᠵᠢᠷᠦᠬᠡᠨ ᠡᠪᠡᠳᠴᠢᠨ᠂ ᠠᠭᠤᠰᠬᠢᠨ ᠤ ᠦᠷᠪᠢᠰᠦᠯ ᠳ᠋ᠤ ᠨᠡᠷᠪᠡᠭ᠍ᠲᠡᠬᠦ ᠪᠤᠯᠤᠯᠴᠠᠭ᠎ᠠ ᠨᠢ ᠪᠠᠭ᠎ᠠ ᠪᠠᠢᠢᠲᠠᠭ᠃ ᠰᠤᠲᠤᠯᠭᠠᠲᠠᠳ ᠤᠨ ᠦᠵᠡᠬᠦ ᠪᠡᠷ᠂ ᠡᠨᠡᠬᠦ ᠵᠦᠷᠢᠶ᠎ᠠ ᠨᠢ ᠡᠮᠡᠭᠲᠡᠢᠢᠴᠦᠳ ᠤᠨ ᠭᠡᠷ ᠪᠦᠯᠢ ᠶᠢᠨ ᠲᠠᠷᠤᠭᠠᠰᠤ ᠵᠡᠷᠭᠡ ᠡᠴᠡ ᠰᠢᠯᠲᠠᠭᠠᠯᠠᠭᠲᠠᠵᠤ ᠴᠠᠭ ᠨᠡᠮᠡᠵᠦ ᠠᠵᠢᠯᠯᠠᠬᠤ ᠨᠢ ᠤᠯᠠᠮ ᠢᠯᠡᠬᠦᠦ ᠲᠠᠷᠤᠭᠠᠰᠤ ᠲᠠᠢ ᠪᠤᠯᠭᠠᠲᠠᠭ᠃ ᠠᠩᠭ᠍ᠯᠢ ᠶᠢᠨ《ᠡᠲᠦᠷ ᠪᠦᠷᠢ ᠶᠢᠨ ᠰᠢᠤᠲᠠᠨ ᠰᠤᠨᠢᠨ 》 ᠤ ᠮᠡᠲᠡᠭᠡᠯᠡᠭᠰᠡᠨ ᠶᠢᠡᠷ᠂ ᠡᠨᠡᠬᠦ ᠪᠠᠢᠢᠴᠠᠭᠠᠯᠲᠠ ᠶᠢᠨ ᠳ᠋ᠦᠩ ᠨᠢ ᠡᠷᠲᠡ ᠦᠶ᠎ᠠ ᠶᠢᠨ ᠬᠢ ᠪᠤᠯᠤᠨ᠎ᠠ᠂ ᠰᠡᠭᠦᠯ ᠤᠨ ᠦᠶ᠎ᠠ ᠳ᠋ᠤ ᠨᠠᠰᠤ ᠨᠡᠮᠡᠭᠲᠡᠬᠦ ᠶᠢ ᠲᠠᠭᠠᠯᠲᠤᠨ ᠡᠪᠡᠳᠴᠢᠨ ᠨᠢ ᠤᠯᠠᠮ ᠡᠴᠡ ᠬᠦᠨᠲᠦᠷᠡᠲᠡᠭ᠂ ᠵᠠᠯᠠᠭᠤ ᠶᠢᠨ ᠦᠶ᠎ᠠ ᠳ᠋ᠡᠭᠡᠨ ᠴᠠᠭ ᠨᠡᠮᠡᠵᠦ ᠠᠵᠢᠯᠯᠠᠬᠤ ᠨᠢ ᠦᠲᠡᠯᠦᠭᠡ ᠨᠠᠰᠤᠨ ᠤ ᠠᠮᠢᠲᠤᠷᠠᠯ ᠢ ᠲᠦᠢᠯ ᠶᠢᠡᠷ ᠨᠦᠯᠦᠭᠡᠯᠡᠲᠡᠭ ᠭᠡᠵᠡᠢ᠃

ᠢᠷᠡᠯᠳᠡ᠄ ᠰᠢᠨᠬᠤᠸᠠ ᠮᠣᠩᠭᠣᠯ ᠨᠧᠲ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ