ᠰᠤᠷᠭᠠᠯ ᠦᠭᠡᠰ

ᠤᠩᠰᠢᠭᠰᠠᠨ ᠤᠳᠠᠭ᠎ᠠ ᠄ 616    ᠨᠡᠶᠢᠳᠡᠯᠡᠭᠰᠡᠨ ᠴᠠᠭ ᠄ 2016-07-12

ᠲᠦᠷᠪᠡᠨ ᠴᠡᠭᠡᠷ   
       ᠤᠷᠤᠭ ᠢᠶᠡᠨ ᠪᠤᠤ ᠭᠤᠯᠤ   
       ᠤᠪᠤᠭ ᠢᠶᠡᠨ ᠪᠤᠤ ᠰᠤᠯᠢ   
       ᠭᠡᠯᠡ ᠪᠡᠨ ᠪᠤᠤ ᠮᠠᠷᠳᠠ   
       ᠮᠦᠰᠦ ᠪᠡᠨ ᠪᠤᠤ ᠬᠤᠭᠤᠯ        

       ᠲᠦᠷᠪᠡᠨ ᠭᠢᠴᠢᠶᠡᠯ   
       ᠠᠷᠢᠭᠢᠨ ᠳ᠋ᠤ ᠪᠤᠤ ᠤᠷᠤ   
       ᠦᠡᠭᠭᠡᠨ ᠳ᠋ᠤ ᠪᠤᠤ ᠰᠢᠨᠤ   
       ᠲᠤᠭᠯᠠᠭᠠᠮ ᠳ᠋ᠤ ᠪᠤᠤ ᠲᠡᠡᠭᠳᠡ   
       ᠮᠦᠡᠭᠬᠦᠨ ᠳ᠋ᠤ ᠪᠤᠤ ᠰᠢᠳᠤ        

ᠲᠦᠷᠪᠡᠨ ᠠᠡᠭᠬᠠᠷᠤᠯ   
       ᠨᠡᠷ᠎ᠡ ᠪᠡᠨ ᠪᠤᠷᠤᠭᠤᠯᠠᠭᠴᠢᠳ ᠲᠠᠢ ᠪᠡᠳᠡᠭᠢᠢ ᠬᠠᠨᠢᠯᠠ   
       ᠮᠦᠷ ᠢᠶᠡᠨ ᠪᠠᠯᠠᠯᠠᠳᠠᠭᠰᠠᠳ ᠲᠠᠢ ᠪᠠᠳᠡᠭᠡᠢ ᠨᠠᠶᠢᠵᠢᠯᠠ   
       ᠦᠭᠡ ᠪᠡᠨ ᠢᠳᠡᠭᠰᠡᠳ ᠲᠠᠢ ᠪᠡᠳᠡᠭᠢᠢ ᠨᠦᠬᠦᠷᠯᠡ   
       ᠦᠵᠡᠯᠳᠡ ᠪᠡᠨ ᠨᠢᠭᠤᠭᠰᠠᠳ ᠲᠠᠢ ᠪᠡᠳᠡᠭᠢᠢ ᠬᠠᠮᠳᠤᠷᠠ

ᠲᠦᠷᠪᠡᠨ ᠰᠤᠷᠭᠠᠯ   
       ᠨᠦᠬᠦᠷ ᠲᠤ ᠪᠡᠨ ᠵᠦᠭᠡᠯᠡᠨ ᠬᠠᠨᠳᠤ   
       ᠲᠠᠶᠢᠰᠤᠨ ᠳ᠋ᠤ ᠪᠡᠨ ᠬᠠᠳᠠᠭᠤ ᠬᠠᠳᠤ   
       ᠢᠳᠡᠭᠡᠯ ᠳ᠋ᠤ ᠰᠢᠳᠤᠷᠭᠤ ᠬᠠᠨᠳᠤ   
       ᠨᠠᠶᠢᠳᠠᠪᠤᠷᠢ ᠳ᠋ᠤ ᠦᠨᠡᠨᠴᠢ ᠬᠠᠨᠳᠤ   
 
ᠰᠤᠷᠭᠠᠯ ᠦᠭᠡ
       ᠲᠦᠷᠦ ᠲᠦᠮᠡᠨ ᠢᠶᠡᠨ ᠲᠦᠷᠢᠭᠦᠨ ᠳ᠋ᠤ ᠨᠢ ᠬᠠᠶᠢᠷᠠᠯᠠ   

       ᠲᠦᠷᠦᠭᠰᠡᠨ ᠪᠡᠶ᠎ᠡ ᠪᠡᠨ ᠰᠡᠭᠦᠯ ᠳ᠋ᠤ ᠨᠢ ᠬᠠᠶᠢᠷᠠᠯᠠ    

     

       ᠰᠤᠶᠢᠯᠠᠭ᠎ᠠ ᠦᠭᠡᠢ ᠪᠤᠯ ᠤᠷᠤᠯᠳᠤᠭᠠᠨ ᠳ᠋ᠤ ᠪᠤᠤ ᠤᠷᠤ         

       ᠰᠤᠷᠢᠯᠳᠠ ᠦᠭᠡᠢ ᠪᠤᠯ ᠪᠦᠭᠡ ᠳ᠋ᠤ ᠪᠤᠤ ᠤᠷᠤ     


       ᠲᠠᠡᠭ ᠢᠶᠠᠷ ᠢᠶᠡᠨ ᠶᠠᠪᠤᠪᠠᠯ ᠪᠡᠶ᠎ᠡ ᠪᠡᠨ ᠭᠢᠴᠢᠶᠡ   
       ᠲᠠᠶᠠᠭᠠᠷ ᠢᠶᠡᠨ ᠶᠠᠪᠤᠪᠠᠯ ᠦᠭᠡ ᠪᠡᠨ ᠭᠢᠴᠢᠶᠠ     

       ᠰᠠᠶᠢᠨ ᠡᠷ᠎ᠡ ᠵᠤᠪᠠᠬᠤ ᠲᠤᠳᠤᠮ ᠤᠬᠠᠭᠠᠨ ᠤᠷᠤᠨ᠎ᠠ   
       ᠮᠠᠭᠤ ᠡᠷ᠎ᠡ ᠵᠤᠪᠠᠬᠤ ᠲᠤᠳᠤᠮ ᠤᠬᠠᠭᠠᠨ ᠠᠯᠳᠠᠨ᠎ᠠ     

       ᠨᠤᠶᠠᠳ ᠤᠨ ᠮᠠᠭᠤ ᠪᠡᠷ ᠢᠷᠭᠢᠳ ᠲᠠᠯᠬᠠᠳᠠᠨ᠎ᠠ   
       ᠨᠤᠬᠠᠳ ᠤᠨ ᠮᠠᠭᠤ ᠪᠡᠷ ᠬᠤᠳᠠ ᠲᠠᠯᠬᠠᠳᠠᠨ᠎ᠠ     

       ᠨᠠᠷᠠ ᠲᠠᠭ᠎ᠠ ᠪᠡᠯᠴᠢᠭᠡᠷ ᠤᠶᠢᠷᠠᠳᠤᠨ᠎ᠠ   
       ᠨᠤᠮ ᠳᠠᠭ᠎ᠠ ᠤᠬᠠᠭᠠᠨ ᠤᠶᠢᠷᠠᠳᠤᠨ᠎ᠠ     

       ᠨᠠᠶᠢᠵᠠ ᠲᠠᠢ ᠶᠠᠪᠤᠶ᠎ᠠ ᠭᠡᠪᠡᠯ ᠨᠠᠶᠢᠵᠠ ᠪᠡᠨ ᠪᠤᠤ ᠮᠠᠭᠤᠯᠠ   
       ᠨᠤᠮ ᠲᠠᠢ ᠶᠠᠪᠤᠶ᠎ᠠ ᠭᠡᠪᠡᠯ ᠨᠤᠮ ᠢᠶᠡᠨ ᠪᠤᠤ ᠭᠤᠯᠤ     

       ᠤᠭᠰᠠᠭ᠎ᠠ ᠡᠷᠭᠦᠬᠦ ᠬᠦᠤ ᠲᠠᠢ ᠪᠤᠯᠬᠤ ᠶ᠋ᠢ ᠪᠤᠳᠤ   
       ᠤᠷᠤᠭ ᠲᠡᠯᠡᠬᠦ ᠭᠡᠤᠬᠡᠨ ᠲᠠᠢ ᠪᠤᠯᠬᠤ ᠶ᠋ᠢ ᠪᠤᠳᠤ
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ