《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠨᠢᠭᠡᠳᠦᠭᠡᠷ ᠬᠡᠰᠡᠭ )

ᠤᠩᠰᠢᠭᠰᠠᠨ ᠤᠳᠠᠭ᠎ᠠ ᠄ 921    ᠨᠡᠶᠢᠳᠡᠯᠡᠭᠰᠡᠨ ᠴᠠᠭ ᠄ 2016-05-13

                  ᠲᠡᠮᠤᠵᠢᠨ ᠭᠡᠵᠤ ᠨᠡᠷᠡᠶᠢᠳᠪᠡ
     ᠮᠠᠨ ᠤ ᠮᠣᠩᠭᠣᠯ ᠦᠨᠳᠦᠰᠦᠲᠡᠨ ᠦ ᠡᠯᠤᠨᠴᠡ ᠡᠪᠦᠭᠡ ᠶᠢᠰᠦᠭᠡᠢ ᠪᠠᠭᠠᠲᠤᠷ ᠤᠨ ᠦᠭᠡᠯᠥᠨ ᠬᠠᠳᠤᠨ᠂ 1162 ᠣᠨ ᠤ ᠡᠪᠦᠯ ᠦᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ ᠦᠦᠷ ᠴᠠᠶᠢᠬᠤ ᠦᠶ᠎ᠡ ᠪᠡᠷ ᠣᠨᠤᠨ ᠮᠦᠷᠡᠨ ᠦ ᠬᠦᠪᠡᠭᠡ ᠳ᠋ᠡᠬᠢ ᠳᠡᠯᠢᠭᠦᠨ ᠪᠣᠯᠳᠠᠭ ᠭᠡᠳᠡᠭ ᠭᠠᠵᠠᠷ ᠲᠤ᠂ ᠪᠠᠷᠠᠭᠤᠨ ᠭᠠᠷ ᠲᠠᠭᠠᠨ ᠱᠠᠭ᠎ᠠ ᠶ᠋ᠢᠨ ᠴᠢᠨᠡᠬᠡᠨ ᠬᠠᠷ᠎ᠠ ᠨᠥ᠋ᠵᠢ ᠠᠳᠬᠤᠭᠰᠠᠨ ᠨᠢᠭᠡᠨ ᠭᠠᠶᠢᠬᠠᠮᠰᠢᠭᠲᠤ ᠬᠦᠪᠡᠭᠦᠨ ᠲᠥᠷᠤᠵᠢ᠃   

     ᠥᠭᠡᠯᠦᠨ ᠬᠠᠳᠣᠨ ᠲᠡᠷᠡ ᠬᠦᠪᠡᠭᠦᠨ ᠢᠶ᠋ᠡᠨ ᠮᠡᠨᠳᠦᠯᠡᠭᠰᠡᠨ ᠦ ᠭᠤᠷᠪᠠᠳᠤᠭᠠᠷ ᠡᠳᠦᠷ᠂ ᠦᠯᠦᠭᠡᠢ ᠶ᠋ᠢ ᠨᠢ ᠮᠢᠯᠢᠶᠠᠬᠤ ᠭᠡᠵᠦ ᠪᠠᠶᠢᠲᠠᠯ᠎ᠠ᠂ ᠶᠢᠰᠦᠭᠡᠢ ᠪᠠᠭᠠᠲᠤᠷ ᠲᠠᠲ᠋ᠠᠷ ᠠᠶᠢᠮᠠᠭ ᠢ ᠪᠠᠶᠢᠯᠳᠤᠨ ᠳᠡᠶᠢᠯᠦᠭᠡᠳ᠂ ᠠᠶᠢᠮᠠᠭ ᠤᠨ  ᠲᠦᠷᠦᠭᠦᠦ ᠲᠡᠮᠥᠵᠢᠨ ᠦᠭᠡ ᠭᠡᠭᠴᠢ ᠬᠥᠮᠥᠨ ᠢ ᠣᠯᠵᠠᠯᠠᠨ ᠪᠤᠴᠠᠵᠤ ᠢᠷᠡᠪᠡ᠃ ᠡᠶᠢᠮᠦ ᠡᠴᠡ ᠡᠨᠡᠬᠥ

ᠢᠯᠠᠯᠲᠠ ᠪᠠᠨ ᠪᠡᠯᠭᠡᠯᠡᠬᠦ ᠶ᠋ᠢᠨ ᠲᠥᠯᠦᠭᠡ ᠬᠦᠪᠡᠭᠥᠨ ᠦ ᠪᠡᠨ ᠨᠡᠷ᠎ᠡ ᠶ᠋ᠢ ᠲᠡᠮᠦᠵᠢᠨ ᠭᠡᠵᠤ ᠨᠡᠷᠡᠶᠢᠳᠪᠡ᠃ ᠡᠨᠡ  ᠪᠣᠯ ᠳᠠᠷᠣᠢ ᠳᠡᠯᠡᠬᠡᠢ ᠶ᠋ᠢᠨ ᠭᠤᠷᠪᠠᠨ ᠵᠠᠭᠤ ᠵᠢᠷᠠᠨ ᠨᠢᠭᠡᠨ ᠤᠯᠤᠰ ᠦᠨᠳᠦᠰᠦᠲᠡᠨ᠂ ᠳᠤᠯᠤᠭᠠᠨ ᠵᠠᠭᠤ ᠬᠣᠷᠢᠨ ᠶᠠᠰᠤᠲᠠᠨ ᠬᠡᠯᠡᠲᠡᠨ ᠢ ᠡᠷᠬᠡ ᠰᠦᠷ ᠲᠡᠬᠡᠨ ᠣᠷᠤᠭᠤᠯᠤᠠᠠᠰᠠᠨ᠂ ᠮᠠᠨ ᠤ ᠡᠪᠦᠭᠡ ᠳᠡᠭᠡᠳᠦᠰ ᠴᠢᠩᠭᠢᠰ ᠬᠠᠭᠠᠨ ᠪᠤᠯᠤᠨ᠎ᠠ᠃ 

 

                       ᠨᠠ‍ · ᠠᠯᠲᠠᠨᠱᠠ ᠶ᠋ᠢᠨ 《 ᠮᠣᠩᠭᠣᠯ ᠤᠨ ᠨᠢᠭᠤᠴᠠ

                       ᠲᠣᠪᠴᠢᠶᠠᠨ 》 ᠤ ᠰᠣᠩᠭᠣᠮᠠᠯ ᠦᠯᠢᠭᠡᠷ ᠠᠴᠠ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ