ᠳᠡᠯᠡᠬᠡᠢ ᠶ᠋ᠢᠨ ᠰᠤᠪᠢᠯᠠᠭᠴᠢ ᠶ᠋ᠢᠨ ᠪᠠᠶᠠᠷ ‍ᠤᠨ ᠡᠳᠦᠷ ‍ᠤᠨ ᠮᠡᠨᠳᠦ ᠬᠦᠷᠭᠡᠶ᠎ᠡ

ᠤᠩᠰᠢᠭᠰᠠᠨ ᠤᠳᠠᠭ᠎ᠠ ᠄ 999    ᠨᠡᠶᠢᠳᠡᠯᠡᠭᠰᠡᠨ ᠴᠠᠭ ᠄ 2016-05-13

       ᠳᠡᠯᠡᠬᠡᠢ ᠶ᠋ᠢᠨ ᠰᠤᠪᠢᠯᠠᠭᠴᠢ ᠶ᠋ᠢᠨ ᠪᠠᠶᠠᠷ ‍ᠤᠨ ᠡᠳᠦᠷ ‍ᠤᠨ ᠢᠷᠡᠯᠲᠡ  ᠄
     《 5 · 12 》 ᠤᠨ ᠡᠳᠦᠷ ᠪᠣᠯ ᠪᠦᠬᠦ ᠳᠡᠯᠡᠬᠡᠢ ᠶ᠋ᠢᠨ ᠰᠣᠪᠢᠯᠠᠭᠴᠢᠳ ‍ᠤᠨ ᠬᠠᠮᠲᠤ ᠶ᠋ᠢᠨ ᠪᠠᠶᠠᠷ ᠤᠨ ᠡᠳᠦᠷ ᠶᠤᠮ᠃ ᠡᠨᠡ ᠡᠳᠦᠷ ᠨᠢ ᠣᠶᠢᠷ᠎ᠠ ᠦᠶ᠎ᠡ ᠶ᠋ᠢᠨ ᠰᠣᠪᠢᠯᠠᠬᠤ ᠶ᠋ᠢᠨ ᠤᠬᠠᠭᠠᠨ ‍ᠢ ᠡᠭᠦᠳᠦᠭᠴᠢ — ᠠᠩᠭᠢᠯᠢ ᠶ᠋ᠢᠨ ᠰᠣᠪᠢᠯᠠᠭᠴᠢ ᠹᠥᠸᠸᠯᠦᠸᠸᠯᠦᠨᠽ · ᠨᠠᠨᠳᠢᠩᠭᠧᠷ  ‍ᠢ ᠳᠤᠷᠠᠰᠬᠠᠬᠤ ᠶ᠋ᠢᠨᠰᠠᠭᠤᠷᠢᠨ ᠳ᠋ᠤ ᠪᠠᠶᠢᠭᠤᠯᠤᠭᠳᠠᠭᠰᠠᠨ ᠪᠠᠶᠠᠷ ᠤᠨ ᠡᠳᠦᠷ ᠪᠢᠯᠡ᠃ 1912 ᠣᠨ ᠳ᠋ᠤ ᠣᠯᠠᠨ ᠤᠯᠤᠰ ᠤᠨ ᠰᠣᠪᠢᠯᠠᠭᠴᠢᠳ ‍ᠤᠨ ᠵᠦᠪᠯᠡᠯ ᠡᠴᠡ ᠨᠠᠨᠳᠢᠩᠭᠧᠷ ‍ᠤᠨ ᠮᠡᠨᠳᠦᠯᠡᠭᠰᠡᠨ ᠡᠳᠦᠷ  5 ᠰᠠᠷ᠎ᠠ ᠶ᠋ᠢᠨ 12 ‍ᠢ ᠳᠡᠯᠡᠬᠡᠢ ᠶ᠋ᠢᠨ ᠰᠣᠪᠢᠯᠠᠭᠴᠢ ᠶ᠋ᠢᠨ ᠪᠠᠶᠠᠷ ‍ᠤᠨ ᠡᠳᠦᠷ ᠢᠶ᠋ᠡᠷ ᠲᠣᠭᠲᠠᠭᠠᠵᠤ᠂ ᠡᠨᠡ ᠨᠢ ᠰᠣᠪᠢᠯᠠᠭᠴᠢ ᠪᠣᠯᠣᠭᠰᠠᠳ ᠤᠨ ᠠᠵᠢᠯ ‍ᠤᠨ

ᠢᠷᠠᠭᠤ ᠠᠯᠳᠠᠷᠲᠤ ᠣᠯᠠᠮᠵᠢᠯᠠᠯ ᠢᠶᠡᠨ ᠤᠯᠠᠮ ᠴᠢᠨᠠᠭᠰᠢᠳᠠ ᠤᠯᠠᠮᠵᠢᠯᠠᠨ ᠬᠥᠭᠵᠢᠭᠦᠯᠵᠦ᠂ 《 ᠬᠠᠶᠢᠷ᠎ᠠ ᠰᠡᠳᠬᠢᠯᠭᠡ ᠲᠠᠢ᠂ ᠲᠡᠰᠪᠦᠷᠢ ᠲᠡᠪᠴᠢᠶᠡᠷᠢ ᠲᠠᠢ᠂ ᠨᠠᠷᠢᠨ ᠬᠢᠨᠠᠮᠠᠭᠠᠢ᠂ ᠬᠠᠷᠢᠭᠤᠴᠠᠯᠭᠠᠲᠤ ᠰᠡᠳᠬᠢᠯᠭᠡ ᠲᠠᠢ 》 ᠪᠠᠷ ᠡᠪᠡᠳᠴᠢᠲᠡᠨ ᠨᠢᠭᠡᠪᠦᠷᠢ ᠳ᠋ᠤ ᠬᠠᠨᠳᠤᠬᠤ ᠤᠷᠮ᠎ᠠ ᠰᠡᠳᠬᠢᠯᠭᠡ ᠶ᠋ᠢ ᠬᠥᠭᠵᠢᠭᠡᠬᠦ᠂ ᠠᠵᠢᠯ ᠢᠶᠡᠨ ᠨᠡᠩ ᠰᠠᠶᠢᠨ ᠬᠢᠬᠦ ᠳ᠋ᠤ ᠵᠣᠷᠢᠭᠤᠯᠤᠭᠳᠠᠭᠰᠠᠨ ᠪᠠᠶᠢᠭ᠎ᠠ ᠶᠤᠮ᠃ ᠡᠨᠡ ᠬᠦ ᠪᠠᠶᠠᠷ ᠤᠨ ᠡᠳᠦᠷ ᠰᠣᠪᠢᠯᠠᠯᠲᠠ ᠶ᠋ᠢᠨ ᠠᠵᠢᠯ  ‍ᠢ ᠤᠬᠠᠭᠤᠯᠤᠨ ᠰᠤᠷᠲᠠᠯᠴᠢᠯᠠᠵᠤ᠂ ᠰᠣᠪᠢᠯᠠᠭᠴᠢᠳ ᠤᠨ ᠦᠬᠦᠯ ᠡᠴᠡ ᠠᠪᠤᠷᠠᠨ ᠰᠢᠷᠬᠠᠳᠠᠭᠰᠠᠳ ᠢ ᠲᠡᠩᠬᠡᠭᠡᠷᠡᠭᠦᠯᠬᠦ ᠬᠦᠮᠦᠨᠯᠢᠭ ᠶᠣᠰᠣᠨ ᠤ ᠦᠵᠡᠯ ᠰᠠᠨᠠᠭ᠎ᠠ ᠶ᠋ᠢ ᠰᠤᠷᠤᠯᠴᠠᠬᠤ ᠶ᠋ᠢ ᠵᠣᠷᠢᠭᠵᠢᠭᠤᠯᠬᠤ ᠨᠢ ᠳᠡᠯᠡᠬᠡᠢ ᠶ᠋ᠢᠨ ᠡᠯ᠎ᠡ ᠤᠯᠤᠰ ᠤᠨ ᠰᠣᠪᠢᠯᠠᠬᠤ ᠬᠠᠷᠢᠶᠠᠨ ‍ᠳᠡᠬᠢ ᠴᠢᠬᠤᠯᠠ ᠶᠠᠪᠤᠳᠠᠯ ᠪᠣᠯᠣᠭᠰᠠᠨ ᠪᠠᠶᠢᠨ᠎ᠠ᠃


       


      

              

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ