ᠤᠷᠲᠤ ᠶᠢᠨ ᠳᠠᠭᠤᠴᠢᠨ ᠪᠠᠲᠦᠰᠦ᠋ᠭᠡ

ᠤᠩᠰᠢᠭᠰᠠᠨ ᠤᠳᠠᠭ᠎ᠠ ᠄ 802    ᠨᠡᠶᠢᠳᠡᠯᠡᠭᠰᠡᠨ ᠴᠠᠭ ᠄ 2016-04-07

      ᠪᠠᠲᠦᠰᠦ᠋ᠬᠡ ᠂ ᠰᠢᠯᠢ ᠶ᠋ᠢᠨ ᠭᠣᠣᠯ ᠠᠶᠢᠮᠠᠭ ‍ᠤᠨ ᠵᠡᠭᠦᠨ ᠦᠵᠦᠮᠦᠴᠢᠨ ᠬᠣᠰᠢᠭᠤ ᠪᠠᠷ ᠨᠤᠲᠤᠭ ᠲᠠᠢ ᠤᠷᠲᠤ ᠶ᠋ᠢᠨ ᠳᠠᠭᠤᠴᠢᠨ ᠃
      2000 ᠣᠨ ᠳ᠋ᠤ ᠪᠠᠷᠠᠭᠤᠨ ᠦᠵᠦᠮᠦᠴᠢᠨ ᠬᠣᠰᠢᠭᠤᠨ ‍ᠤ ᠤᠯᠠᠭᠠᠨᠮᠦ᠋ᠴᠢᠷ ᠲᠤ ᠤᠷᠲᠤ ᠶ᠋ᠢᠨ ᠳᠠᠭᠤᠴᠢᠨ ᠢᠶᠠᠷ ᠡᠯᠰᠡᠭᠳᠡᠵᠦ ᠂ ᠰᠡᠭᠦᠯᠡᠷ ᠨᠢ ᠥᠪᠥᠷ ᠮᠣᠩᠭᠣᠯ ‍ᠤᠨ ᠶᠡᠬᠡ ᠰᠤᠷᠭᠠᠭᠤᠯᠢ ᠶ᠋ᠢᠨ ᠤᠷᠠᠯᠢᠭ ‍ᠤᠨ ᠳᠡᠭᠡᠳᠦ ᠰᠤᠷᠭᠠᠭᠤᠯᠢ ᠶ᠋ᠢᠨ ᠴᠣᠭᠲᠣ ᠪᠠᠭᠰᠢ ᠡᠴᠠ ᠦᠷᠭᠦᠯᠵᠢᠯᠡᠨ  ᠰᠤᠷᠤᠯᠴᠠᠪᠠ ᠃ ᠥᠪᠡᠷ ‍ᠢ ᠪᠠᠨ ᠥᠨᠳᠥᠷ ᠲᠥᠪᠰᠢᠨ ᠳ᠋ᠤ ᠬᠦᠷᠭᠡᠬᠦ ᠪᠠᠷ ᠬᠦᠴᠦᠯᠡᠨ ᠵᠢᠳᠬᠦᠭᠰᠡᠨ ᠲᠡᠭᠦᠨ ‍ᠤ ᠠᠮᠵᠢᠯᠲᠠ ᠪᠦᠲᠦᠮᠵᠢ ᠡᠴᠠ ᠭᠣᠣᠯᠯᠠᠵᠤ ᠳᠤᠷᠠᠳᠪᠠᠯ ᠄
      2001 ᠣᠨ ‍ᠤ《 ᠲᠠᠯ᠎ᠠ ᠶ᠋ᠢᠨ ᠳᠠᠭᠤᠯᠠᠯ 》ᠪᠦᠬᠦ ᠠᠶᠢᠮᠠᠭ ‍ᠤᠨ ᠤᠷᠲᠤ ᠶ᠋ᠢᠨ ᠳᠠᠭᠤᠤ ᠶ᠋ᠢᠨ ᠤᠷᠤᠯᠳᠤᠭᠠᠨ ‍ᠤ ᠬᠣᠶᠠᠳᠤᠭᠠᠷ ᠳᠡᠰ ᠃

      2002 ᠣᠨ ‍ᠤ 5 ᠰᠠᠷ᠎ᠠ ᠳ᠋ᠤ ᠪᠦᠬᠦ ᠠᠶᠢᠮᠠᠭ ‍ᠤᠨ ᠤᠯᠠᠭᠠᠨᠮᠦ᠋ᠴᠢᠷ ‍ᠤᠨ ᠬᠠᠷᠢᠭᠤ ᠮᠡᠳᠡᠭᠦᠯᠦᠯᠲᠡ ᠶ᠋ᠢᠨ ᠲᠣᠭᠯᠠᠯᠲᠠ ᠳ᠋ᠤ ᠮᠣᠷᠢᠨ ᠬᠤᠭᠤᠷ ‍ᠤᠨ ᠨᠠᠶᠢᠷᠠᠯ《 ᠰᠢᠯᠢ ᠶ᠋ᠢᠨ ᠭᠣᠣᠯ ‍ᠤᠨ ᠤᠶᠠᠩᠭ᠎ᠠ 》ᠨᠢ ᠬᠣᠶᠠᠳᠤᠭᠠᠷ ᠳᠡᠰ ‍ᠤᠨ ᠱᠠᠩᠨᠠᠯ ᠲᠣᠰᠪᠠ ᠃
      2002 ᠣᠨᠤ 11 ᠰᠠᠷ᠎ᠠ ᠳ᠋ᠤ ᠨᠠᠮ ‍ᠤᠨ ᠠᠷᠪᠠᠨ ᠵᠢᠷᠭᠤᠳᠤᠭᠠᠷ ᠶᠡᠬᠡ ᠬᠤᠷᠠᠯ ‍ᠢ ᠤᠭᠲᠤᠬᠤ ᠪᠦᠬᠦ ᠠᠶᠢᠮᠠᠭ ‍ᠤᠨ ᠤᠷᠲᠤ ᠶ᠋ᠢᠨ ᠳᠠᠭᠤᠤ ᠶ᠋ᠢᠨ ᠤᠷᠤᠯᠳᠤᠭᠠᠨ ‍ᠤ ᠲᠤᠰᠬᠠᠢ ᠮᠡᠷᠭᠡᠵᠢᠯ ‍ᠤᠨ ᠳᠤᠭᠤᠶᠢᠯᠠᠩ ‍ᠤᠨ ᠬᠣᠶᠠᠳᠤᠭᠠᠷ ᠳᠡᠰ ᠃
      2003 ᠣᠨ ‍ᠤ 4 ᠰᠠᠷ᠎ᠠ ᠳ᠋ᠤ ᠪᠠᠭᠠᠷᠢᠨ ᠪᠠᠷᠠᠭᠤᠨ ᠬᠣᠰᠢᠭᠤᠨ ᠳ᠋ᠤ ᠪᠣᠯᠣᠭᠰᠠᠨ《 ᠠᠯᠲᠠᠨ ᠤᠨᠠᠭ᠎ᠠ 》 ᠮᠣᠩᠭᠣᠯ ᠰᠢᠯᠦᠭ ‍ᠤᠨ ᠨᠠᠭᠠᠳᠤᠮ ‍ᠤᠨ ᠤᠷᠠᠨ ᠤᠩᠰᠢᠯᠭ᠎ᠠ ᠶ᠋ᠢᠨ ᠲᠡᠷᠢᠭᠦᠨ ᠱᠠᠩᠨᠠᠯ ᠃
      2004 ᠣᠨ ‍ᠤ 3 ᠰᠠᠷ᠎ᠠ ᠶ᠋ᠢᠨ 5 ᠳ᠋ᠤ ᠮᠣᠩᠭᠣᠯ ᠤᠯᠤᠰ ‍ᠤᠨ ᠤᠯᠠᠭᠠᠨᠪᠠᠭᠠᠲᠤᠷ ᠬᠣᠲᠠᠨ᠎ᠠ ᠪᠣᠯᠣᠭᠰᠠᠨ ᠣᠯᠠᠨ ᠤᠯᠤᠰ ‍ᠤᠨ ᠤᠷᠲᠤ ᠶ᠋ᠢᠨ ᠳᠠᠭᠤᠤ ᠶ᠋ᠢᠨ ᠤᠷᠤᠯᠳᠤᠭᠠᠨ ‍ᠤ ᠠᠯᠲᠠᠨ ᠮᠸᠳᠠᠯ ᠃
      2004 ᠣᠨ ᠤ ᠠᠷᠪᠠᠨ ᠨᠢᠭᠡᠳᠦᠭᠡᠷ ᠬᠤᠭᠤᠴᠠᠭᠠᠨ ᠤ ᠪᠦᠬᠦ ᠤᠯᠤᠰ ‍ᠤᠨ ᠵᠠᠯᠠᠭᠤ ᠳᠠᠭᠤᠴᠢᠳ ‍ᠤᠨ ᠲᠸᠯᠸᠢᠰ ᠱᠠᠩᠨᠠᠯᠲᠤ ᠤᠷᠤᠯᠳᠤᠭᠠᠨ ‍ᠤ ᠥᠪᠥᠷ ᠮᠣᠩᠭᠣᠯ ᠳ᠋ᠠᠬᠢ ᠬᠤᠪᠢᠶᠠᠷᠢ ᠲᠠᠯᠠᠪᠠᠢ ᠤᠷᠤᠯᠳᠤᠭᠠᠨ ᠤ

ᠰᠢᠯᠢᠳᠡᠭ ᠳᠡᠰ ᠃
      2004 ᠣᠨ ‍ᠤ 7 ᠰᠠᠷ᠎ᠠ ᠳ᠋ᠤ ᠪᠣᠯᠣᠭᠰᠠᠨ ᠪᠦᠬᠦ ᠤᠯᠤᠰ ‍ᠤᠨ ᠠᠩᠬᠠᠳᠤᠭᠠᠷ ᠤᠳᠠᠭ᠎ᠠ ᠶ᠋ᠢᠨ ᠳᠠᠭᠤᠤ ᠬᠥᠭᠵᠢᠮ ᠪᠥᠵᠢᠭ ‍ᠤᠨ ᠶᠡᠬᠡ ᠱᠠᠩᠨᠠᠯᠲᠤ ᠤᠷᠤᠯᠳᠤᠭᠠᠨ ‍ᠤ ᠲᠤᠰᠬᠠᠢ ᠮᠡᠷᠭᠡᠵᠢᠯ ‍ᠤᠨ ᠳᠤᠭᠤᠶᠢᠯᠠᠩ ‍ᠤᠨ ᠦᠨᠳᠦᠰᠦᠲᠡᠨ ‍ᠤ ᠳᠠᠭᠤᠯᠠᠯᠭ᠎ᠠ ᠶ᠋ᠢᠨ ᠬᠣᠶᠠᠳᠤᠭᠠᠷ ᠳᠡᠰ ᠃
      2004 ᠣᠨ ‍ᠤ 11 ᠰᠠᠷ᠎ᠠ ᠳ᠋ᠤ ᠥᠪᠥᠷ ᠮᠣᠩᠭᠣᠯ ‍ᠤᠨ ᠮᠣᠩᠭᠣᠯ ᠦᠨᠳᠦᠰᠦᠲᠡᠨ ‍ᠤ ᠣᠷᠳᠣᠨ ‍ᠤ ᠬᠥᠭᠵᠢᠮ ‍ᠤᠨ 《 ᠵᠠᠩᠭᠠᠷ 》 ᠴᠢᠭᠤᠯᠭ᠎ᠠ ᠳ᠋ᠤ ᠭᠣᠴᠣᠯᠠᠯ ᠳᠠᠭᠤᠴᠢᠨ ᠢᠶᠠᠷ  ᠤᠷᠢᠭᠳᠠᠪᠠ ᠃
      ᠲᠡᠭᠦᠨ ‍ᠤ ᠪᠦᠲᠦᠭᠡᠯ《 ᠡᠵᠢ ᠳ᠋ᠤ ᠪᠠᠨ ᠡᠷᠭᠦᠬᠦ ᠳᠠᠭᠤᠤ 》᠂《 ᠨᠡᠭᠦᠳᠡᠯᠴᠢᠨ ‍ᠤ ᠲᠠᠯ᠎ᠠ 》ᠥᠪᠥᠷ ᠮᠣᠩᠭᠣᠯ ‍ᠤᠨ ᠷᠠᠳᠢᠣ᠋ ᠬᠣᠷᠢᠶᠠᠨ ‍ᠤ ᠭᠠᠷᠠᠭ ‍ᠤᠨ ᠳᠠᠭᠤᠤ ᠪᠠᠷ ᠨᠡᠪᠲᠡᠷᠡᠭᠦᠯᠦᠭᠳᠡᠵᠦ ᠂《 ᠳᠠᠭᠤᠤ ᠬᠥᠭᠵᠢᠮ ᠭᠤᠴᠢᠨ ᠮᠢᠨᠦ᠋ᠲ 》᠂《 ᠤᠳᠬ᠎ᠠᠤᠷᠠᠯᠢᠭ ᠰᠣᠶᠣᠯ ‍ᠤᠨ ᠠᠯᠲᠠᠨ ᠲᠤᠯᠭ᠎ᠠ 》ᠨᠡᠪᠲᠡᠷᠡᠭᠦᠯᠭᠡ ᠲᠤᠰᠬᠠᠢ ᠰᠤᠷᠪᠤᠯᠵᠢᠯᠠᠭ᠎ᠠ ᠪᠦᠬᠦᠢ ᠫᠷᠦᠭᠷᠡᠮ ᠦᠢᠯᠡᠳᠴᠦ ᠥᠩᠭᠡᠷᠡᠪᠡ ᠃《 ᠡᠵᠢ ᠳ᠋ᠤ ᠪᠠᠨ ᠡᠷᠭᠦᠬᠦ ᠳᠠᠭᠤᠤ 》᠂《 ᠡᠮᠡᠭᠡ ᠶ᠋ᠢᠨ ᠴᠠᠢ 》 ᠵᠡᠷᠭᠡ ᠳᠠᠭᠤᠤ ᠨᠢ ᠬᠥᠳᠡᠭᠡ ᠨᠤᠲᠤᠭ ‍ᠤᠨ ᠨᠠᠶᠢᠷ ᠨᠠᠭᠠᠳᠤᠮ ᠳ᠋ᠤ ᠴᠦ ᠳᠠᠭᠤᠯᠠᠭᠳᠠᠬᠤ ᠪᠣᠯᠵᠠᠢ ᠃ 《 ᠲᠡᠭᠷᠢ ᠶ᠋ᠢᠨ ᠣᠳᠣᠳ ᠠᠪᠤ᠋ ᠶ᠋ᠢ ᠮᠢᠨᠢ ᠲᠠᠨᠢᠳᠠᠭ 》᠂《 ᠡᠷ᠎ᠡ ᠴᠡᠷᠢᠭ ‍ᠤᠨ ᠡᠬᠡ ᠣᠷᠣᠨ 》᠂《 ᠬᠤᠯᠠᠨ ‍ᠤ ᠪᠡᠯᠴᠢᠭᠡᠷ 》 ᠵᠡᠷᠭᠡ ᠵᠠᠭᠤ ᠭᠠᠷᠤᠢ ᠰᠢᠯᠦᠭ ᠨᠠᠶᠢᠷᠠᠭᠤᠯᠤᠯ ᠂ ᠳᠠᠭᠤᠤ ᠶ᠋ᠢᠨ ᠤᠷᠠᠨ ᠪᠦᠲᠦᠭᠡᠯ ᠨᠡᠶᠢᠲᠡᠯᠡᠭᠦᠯᠵᠦ ᠂《 ᠦᠨᠢᠷ ᠴᠡᠴᠡᠭ 》᠂《 ᠬᠤᠨ ᠭᠠᠯᠠᠭᠤ 》᠂《 ᠰᠢᠯᠢ ᠶ᠋ᠢᠨ ᠭᠣᠣᠯ ‍ᠤᠨ ᠡᠳᠦᠷ ‍ᠤᠨ ᠰᠣᠨᠢᠨ 》᠂《 ᠥᠪᠥᠷ ᠮᠣᠩᠭᠣᠯ ‍ᠤᠨ ᠡᠳᠦᠷ ‍ᠤᠨ ᠰᠣᠨᠢᠨ 》᠂《 ᠰᠢᠷ᠎ᠠ ᠮᠦᠷᠡᠨ 》ᠵᠡᠷᠭᠡ ᠰᠣᠨᠢᠨ ᠰᠡᠳᠭᠦᠯ ‍ᠤᠳ ᠠᠮᠵᠢᠯᠲᠠ ᠪᠦᠲᠦᠮᠵᠢ ᠶ᠋ᠢ ᠨᠢ ᠨᠡᠶᠢᠲᠡᠯᠡᠵᠦ ᠪᠠᠶᠢᠪᠠ ᠃

 

                      《 ᠦᠵᠦᠮᠦᠴᠢᠨ ᠤᠷᠠᠯᠢᠭᠴᠢᠳ 》ᠭᠡᠬᠦ
                       ᠨᠣᠮ ᠡᠴᠠ ᠨᠠᠪᠴᠢ ᠨᠠᠶᠢᠷᠠᠭᠤᠯᠤᠨ ᠨᠡᠶᠢᠲᠡᠯᠡᠪᠡ ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄