ᠤᠷᠲᠤ ᠶᠢᠨ ᠳᠠᠭᠤᠴᠢᠨ ᠰᠡᠴᠡᠨᠪᠢᠯᠢᠭ

ᠤᠩᠰᠢᠭᠰᠠᠨ ᠤᠳᠠᠭ᠎ᠠ ᠄ 868    ᠨᠡᠶᠢᠳᠡᠯᠡᠭᠰᠡᠨ ᠴᠠᠭ ᠄ 2016-04-07

     ᠰᠡᠴᠡᠨᠪᠢᠯᠢᠭ ᠂ ᠤᠯᠠᠭᠠᠨᠬᠠᠳᠠ ᠬᠣᠲᠠ ᠶ᠋ᠢᠨ ᠪᠠᠭᠠᠷᠢᠨ ᠪᠠᠷᠠᠭᠤᠨ ᠬᠣᠰᠢᠭᠤ ᠪᠠᠷ ᠨᠤᠲᠤᠭ ᠲᠠᠢ ᠃ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠣᠷᠭᠠᠭᠤᠯᠢ ᠶ᠋ᠢᠨ ᠳᠠᠭᠤᠤ ᠬᠦᠭᠵᠢᠮ ᠤᠨ ᠳᠡᠭᠡᠳᠣ ᠰᠣᠷᠭᠠᠭᠤᠯᠢ ᠶ᠋ᠢᠨ ᠣᠷᠳᠣ ᠶ᠋ᠢᠨ ᠳᠠᠭᠣᠤ ᠶ᠋ᠢᠨ ᠪᠠᠭᠰᠢ ᠂ ᠳᠡᠳ᠋ ᠫᠷᠤᠹᠧᠰᠰᠤᠷ ᠂ ᠠᠰᠫᠢᠷᠠᠨᠲ ᠤᠨ ᠵᠢᠯᠤᠭᠤᠳᠤᠭᠴᠢ ᠂ ᠳᠠᠭᠤᠴᠢᠨ ᠃ ᠦᠪᠦᠷ ᠮᠣᠩᠭᠣᠯ ᠤᠨ ᠣᠷᠳᠣ ᠶ᠋ᠢᠨ ᠳᠠᠭᠣᠤ  ᠤᠷᠠᠯᠢᠭ ᠰᠣᠯᠢᠯᠴᠠᠭ᠎ᠠ ᠰᠣᠳᠣᠯᠭᠠᠨ ᠤ ᠨᠡᠶᠢᠭᠡᠮᠯᠢᠭ ᠤᠨ ᠨᠠᠷᠢᠨ ᠪᠢᠴᠢᠭ ᠦᠨ ᠳᠠᠷᠤᠭ᠎ᠠ ᠃
     1992 ᠣᠨ ‍ᠳᠣ ᠪᠦᠬᠦ ᠣᠯᠣᠰ ᠤᠨ ᠠᠷᠠᠳ ‍ᠤᠨ ᠳᠠᠭᠣᠤ ᠪᠦᠵᠢᠭ ᠤᠨ ᠤᠷᠤᠯᠳᠤᠭᠠᠨ ᠤ ‍ᠳᠠᠭᠤᠤ ᠶ᠋ᠢᠨ ᠳᠤᠭᠤᠶᠢᠯᠠᠩ ᠤᠨ ᠠᠯᠲᠠᠨ ᠮᠸᠳᠡᠯ ‍ᠢ ᠲᠣᠰᠪᠠ ᠃

     2000 ᠣᠨ ‍ᠳᠣ ᠪᠦᠬᠦ ᠣᠷᠣᠨ ᠤ《 ᠲᠠᠯ᠎ᠠ ᠨᠣᠳᠣᠭ ᠤᠨ  ᠠᠯᠲᠠᠨ ᠨᠠᠮᠦᠷ 》ᠳᠠᠭᠣᠤ  ᠶ᠋ᠢᠨ ᠣᠷᠣᠯᠳᠣᠭᠠᠨ ‍ᠤ ᠣᠷᠳᠣ ᠶ᠋ᠢᠨ ᠳᠠᠭᠣᠤ ᠶ᠋ᠢᠨ ᠳᠣᠭᠣᠶ᠋ᠢᠯᠠᠩ ᠤᠨ ᠨᠢᠭᠡᠳᠦᠭᠡᠷ ᠱᠠᠩᠨᠠᠯ ‍ᠢ ᠬᠦᠷᠲᠡᠪᠡ ᠃
     2001 ᠣᠨ ‍ᠳᠣ ᠲᠡᠭᠦᠨ ᠤ ᠦᠪᠡᠷ  ‍ᠤᠨ ᠪᠦᠲᠦᠭᠡᠯ《 ᠡᠬᠡ ᠨᠣᠳᠣᠭ ᠢᠶᠡᠨ ᠰᠠᠨᠠᠭᠠᠯᠵᠠᠨ᠎ᠠ 》ᠬᠡᠮᠡᠬᠦ ᠳᠠᠭᠣᠤ ᠨᠢ ᠪᠦᠬᠦ ᠤᠯᠤᠰ ‍ᠤᠨ ᠴᠦᠬᠡᠨ ᠳᠣᠭᠠᠳᠣ ᠦᠨᠳ᠋ᠦᠰᠦᠲᠡᠨ ᠤ ᠳᠠᠭᠣᠤ ᠶ᠋ᠢᠨ ᠣᠷᠣᠯᠳᠣᠭᠠᠨ ᠳ᠋ᠦ ᠰᠢᠯᠢᠳᠡᠭ ᠱᠠᠩᠨᠠᠯ ᠬᠦᠷᠲᠡᠪᠡ ᠃ ᠣᠷᠴᠢᠮ ᠤᠨ ᠵᠢᠯ ᠤᠳ ᠲᠦ ᠲᠡᠷᠡ ᠬᠣᠯᠠᠨᠳ᠋ ᠂ ᠶᠠᠫᠣᠨ ᠂ ᠵᠡᠷᠭᠡ ᠣᠯᠣᠰ ᠢᠶᠠᠷ ᠳᠣᠭᠯᠠᠯᠲᠠ ᠭᠠᠷᠭᠠᠨ ᠰᠣᠨᠣᠰᠣᠭᠴᠢ ᠲᠦᠮᠡᠨ ᠤ  ᠪᠠᠨ ᠬᠠᠯᠠᠭᠤᠨ ᠬᠦᠷᠢᠶᠡᠯᠡᠯ  ‍ᠢ ᠣᠯᠵᠦ ᠶᠠᠪᠣᠭᠰᠠᠨ ᠶᠣᠮ ᠃

     2005 — 2007 ᠣᠨ ‍ᠳᠣ ᠮᠣᠩᠭᠣᠯ ᠣᠯᠣᠰ ᠤᠨ ᠰᠣᠶᠣᠯ ᠣᠷᠠᠯᠢᠭ ᠤᠨ ᠶᠡᠬᠡ ᠰᠣᠷᠭᠠᠭᠣᠯᠢ ‍ᠳᠣ ᠣᠷᠳᠣ ᠶ᠋ᠢᠨ ᠳᠠᠭᠣᠤ ᠶ᠋ᠢᠨ ᠮᠡᠷᠭᠡᠵᠢᠯ ᠰᠤᠷᠤᠨ ᠂ ᠠᠰᠫᠢᠷᠠᠨᠲ ᠴᠣᠯᠠ ᠬᠠᠮᠠᠭᠠᠯᠠᠪᠠ ᠃ ᠡᠨᠡᠬᠦ ᠬᠣᠭᠣᠴᠠᠭᠠᠨ ‍ᠳᠣ ᠣᠯᠠᠨ ᠣᠯᠣᠰ ᠤᠨ ᠣᠷᠳᠣ ᠶ᠋ᠢᠨ ᠳᠠᠭᠣᠤ ᠶ᠋ᠢᠨ ᠣᠷᠣᠯᠳᠣᠭᠠᠨ ᠣᠷᠣᠯᠴᠠᠨ ᠭᠤᠷᠪᠠᠳᠣᠭᠠᠷ ᠳᠡᠰ ‍ᠤᠨ ᠱᠠᠩᠨᠠᠯ ᠬᠦᠷᠲᠡᠭᠰᠡᠨ ‍ᠤ ᠬᠠᠮᠲᠤ ᠮᠣᠩᠭᠣᠯ ᠣᠯᠣᠰ ᠤᠨ ᠠᠯᠲᠠᠷᠳᠣ ᠣᠷᠳᠣ ᠶ᠋ᠢᠨ ᠳᠠᠭᠤᠴᠢᠨ ᠢᠶᠠᠷ ᠴᠣᠯᠠᠯᠠᠭᠳᠠᠪᠠ ᠃

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄