ᠲᠦᠮᠦᠰᠦ ᠢᠳᠡᠭᠦ ᠶ᠋ᠢᠨ ᠲᠠᠪᠤᠨ ᠰᠠᠶᠢᠨ

ᠤᠩᠰᠢᠭᠰᠠᠨ ᠤᠳᠠᠭ᠎ᠠ ᠄ 936    ᠨᠡᠶᠢᠳᠡᠯᠡᠭᠰᠡᠨ ᠴᠠᠭ ᠄ 2016-04-06

       1. ᠲᠦᠮᠦᠰᠦ ᠢᠳᠡᠬᠦ ᠨᠢ ᠮᠠᠷᠢᠶ᠎ᠠ ᠰᠢᠭᠤᠷᠠᠭᠤᠯᠵᠤ ᠴᠢᠳᠠᠳᠠᠭ᠃ ᠲᠦᠮᠦᠰᠦ ᠢᠳᠡᠬᠦ  ᠳ᠋ᠤ ᠪᠠᠨ ᠦᠭᠡᠬᠦ ᠢᠯᠡᠭᠦᠳᠡᠬᠦ ᠡᠴᠠ ᠵᠣᠪᠠᠭᠰᠠᠨ ᠤ ᠬᠡᠷᠡᠭ ᠦᠭᠡᠢ ᠂ ᠤᠴᠢᠷ ᠨᠢ ᠲᠡᠭᠦᠨ ᠳᠤ ᠵᠥᠪᠬᠡᠨ 0.1% ᠥᠭᠡᠬᠦ ᠠᠭᠤᠯᠤᠨ᠎ᠠ ᠂ ᠪᠣᠢ ᠪᠦᠬᠦᠢ ᠦᠯ ᠳᠠᠷᠤᠬᠤ ᠢᠳᠡᠭᠡᠨ ᠤ ᠳᠣᠲᠣᠷ᠎ᠠ ᠥᠭᠡᠬᠦ ᠶ᠋ᠢᠨ ᠠᠭᠤᠯᠤᠭᠳᠠᠴᠠ ᠪᠠᠷ ᠬᠠᠮᠤᠭ ᠤᠨ ᠪᠠᠭ᠎ᠠ ᠢᠳᠡᠭᠡᠨ ᠶᠤᠮ᠃ ᠡᠳ᠋ᠦᠷ ᠪᠣᠯᠭᠠᠨ ᠲᠥᠮᠦᠰᠦ ᠢᠳᠡᠬᠦ ᠨᠢ ᠪᠡᠶ᠎ᠡ ᠳᠤ ᠰᠢᠩᠭᠡᠭᠡᠬᠦ ᠦᠭᠡᠬᠦ ᠶ᠋ᠢᠨ ᠬᠡᠮᠵᠢᠶ᠎ᠡ ᠶ᠋ᠢ ᠪᠠᠭᠠᠰᠬᠠᠵᠤ ᠂ ᠪᠡᠶ᠎ᠡ ᠳᠠᠬᠢ ᠢᠯᠡᠭᠦᠴᠡ ᠥᠭᠡᠬᠦ ᠶ᠋ᠢ ᠠᠭᠠᠵᠢᠮ ᠢᠶᠠᠷ ᠢᠯᠭᠠᠷᠠᠭᠤᠯᠤᠨ ᠭᠠᠷᠭᠠᠵᠦ ᠴᠢᠳᠠᠨ᠎ᠠ᠃ ᠭᠡᠪᠡᠴᠦ ᠂ ᠮᠠᠷᠢᠶ᠎ᠠ ᠰᠢᠭᠤᠷᠠᠭᠤᠯᠤᠭᠴᠢ ᠠᠩᠬᠠᠷᠬᠤ ᠴᠢᠬᠤᠯᠠᠲᠠᠢ ᠨᠢ ᠭᠡᠪᠡᠯ ᠲᠥᠮᠦᠰᠦ ᠶ᠋ᠢ ᠡᠷᠬᠡᠪᠰᠢ ᠭᠣᠣᠯ ᠢᠳᠡᠭᠡᠨ ᠪᠣᠯᠭᠠᠬᠤ ᠡᠴᠠ ᠪᠢᠰᠢ ᠨᠣᠭᠣᠭ᠎ᠠ ᠵᠠᠭᠤᠰᠢ ᠪᠣᠯᠭᠠᠵᠤ ᠪᠣᠯᠬᠤ ᠦᠭᠡᠢ ᠂ ᠤᠳᠠᠭ᠎ᠠ ᠪᠣᠯᠭᠠᠨ ᠨᠢᠭᠡ ᠳᠤᠮᠳᠠ ᠵᠡᠷᠭᠡ ᠶ᠋ᠢᠨ ᠬᠡᠮᠵᠢᠶ᠎ᠡ ᠲᠠᠢ ᠲᠦᠮᠦᠰᠤ ᠢᠳᠡᠪᠡᠯ ᠪᠣᠯᠴᠢᠬᠠᠨ᠎ᠠ ᠃ 
      2. ᠲᠥᠮᠦᠰᠦ ᠪᠣᠯ ᠵᠢᠰᠦ ᠭᠣᠶᠣᠯᠠᠬᠤ ᠤᠬᠢ ᠰᠠᠶᠢᠨ ᠪᠠᠶᠢᠭᠠᠯᠢᠯᠢᠭ ᠡᠳ᠋ ᠪᠣᠯᠣᠨ᠎ᠠ᠃ ᠲᠥᠮᠦᠰᠦ ᠨᠢ ᠠᠷᠠᠰᠤ ᠪᠣᠯᠴᠢᠩ ᠢ ᠬᠠᠮᠠᠭᠠᠯᠠᠨ ᠂ ᠵᠢᠰᠦ ᠴᠢᠷᠠᠢ ᠶ᠋ᠢ ᠰᠤᠪᠢᠯᠠᠬᠤ ᠳᠤ ᠶᠡᠬᠡ ᠰᠠᠶᠢᠨ ᠦᠢᠯᠡᠳ᠋ᠦᠯ ᠲᠠᠢ ᠶᠤᠮ᠃ ᠰᠢᠨ᠎ᠡ ᠰᠣᠷᠭᠣᠭ ᠲᠥᠮᠦᠰᠦ ᠶ᠋ᠢᠨ ᠰᠢᠭᠦᠰᠦ ᠶ᠋ᠢ ᠰᠢᠭᠤᠳ ᠬᠠᠴᠠᠷ ᠳᠡᠭᠡᠷ᠎ᠡ ᠪᠠᠨ ᠲᠦᠷᠬᠢᠪᠡᠯ ᠴᠠᠶᠢᠷᠠᠭᠤᠯᠬᠤ ᠦᠢᠯᠡᠳ᠋ᠦᠯ ᠨᠢ ᠲᠦᠢᠯ ᠤᠨ ᠢᠯᠡ ᠲᠣᠳᠣᠷᠬᠠᠢ ᠪᠠᠶᠢᠳᠠᠭ ᠃

       3. ᠲᠦᠮᠦᠰᠦ ᠨᠢ ᠵᠤᠪᠬᠢᠨ ᠤ ᠠᠷᠠᠰᠤ ᠶ᠋ᠢ ᠭᠤᠸᠠᠯᠢᠭᠵᠢᠭᠤᠯᠬᠤ ᠦᠢᠯᠡᠳ᠋ᠦᠯ ᠢᠶᠠᠷ ᠰᠠᠶᠢᠨ᠃ ᠪᠣᠯᠭᠣᠭᠰᠠᠨ ᠲᠦᠮᠦᠰᠦ ᠶ᠋ᠢ ᠬᠡᠷᠴᠢᠨ ᠨᠢᠳ᠋ᠦᠨ ᠤ ᠵᠤᠪᠬᠢᠨ ᠳᠡᠭᠡᠷ᠎ᠡ ᠪᠠᠨ ᠨᠠᠭᠠᠯᠳᠤᠭᠤᠯᠤᠨ ᠲᠠᠯᠪᠢᠭᠰᠠᠨ ᠤ ᠰᠡᠭᠦᠯᠡᠷ ᠨᠢᠳ᠋ᠦᠨ ᠤ ᠵᠤᠪᠬᠢ ᠤᠨᠵᠢᠬᠤ ᠬᠢᠭᠡᠳ ᠬᠠᠪᠤᠩ ᠢ ᠬᠦᠩᠭᠡᠷᠡᠭᠦᠯᠵᠦ ᠴᠢᠳᠠᠨ᠎ᠠ᠃
        4. ᠲᠥᠮᠥᠰᠦ ᠳᠤ ᠸᠢᠲ᠋ᠠᠮᠢᠨ C ᠠᠭᠤᠯᠳᠠᠭ᠃
       5. ᠵᠠᠷᠢᠮ ᠬᠦᠮᠦᠨ ᠠᠵᠢᠯ ᠶᠠᠪᠤᠳᠠᠯ ᠢ ᠲᠤᠲᠠᠭᠤ ᠳᠣᠷᠭᠣᠨ ᠬᠢᠵᠦ ᠪᠠᠷᠰ ᠤᠨ ᠲᠤᠯᠤᠭᠠᠢ ᠪᠠᠷ ᠡᠬᠢᠯᠡᠨ ᠮᠤᠭᠠᠢ ᠶ᠋ᠢᠨ ᠰᠡᠭᠦᠯ ᠢᠶᠠᠷ ᠲᠡᠭᠦᠰᠬᠦ ᠭᠡᠳ ᠪᠠᠶᠢᠳᠠᠭ ᠤᠨ ᠰᠢᠯᠲᠠᠭᠠᠨ ᠨᠢ ᠤᠯᠠᠩᠬᠢ ᠳᠠᠭᠠᠨ ᠪᠡᠶ᠎ᠡ ᠳᠤᠨᠢ ᠸᠢᠲ᠋ᠠᠮᠢᠨ ᠲᠤᠲᠠᠭᠳᠠᠭᠰᠠᠨ ᠲᠠᠢ ᠬᠤᠯᠪᠤᠭ᠎ᠠ ᠲᠠᠢ ᠶᠤᠮ ᠂ ᠭᠣᠣᠯᠳᠠᠭᠤ  ᠸᠢᠲ᠋ᠠᠮᠢᠨ A᠂ C  ᠳᠤᠲᠠᠭᠳᠠᠬᠤ ᠪᠤᠶᠤ ᠬᠦᠴᠢᠯᠯᠢᠭ ᠢᠳᠡᠭᠡᠨ ᠬᠡᠳᠦ ᠠᠷᠪᠢᠨ ᠢᠳᠡᠭᠰᠡᠨ ᠡᠴᠠ ᠪᠣᠯᠵᠠᠢ ᠃ ᠲᠥᠮᠥᠰᠦ ᠨᠢ ᠸᠢᠲ᠋ᠠᠮᠢᠨ A ᠪᠣᠯᠣᠨ C ᠨᠦᠬᠦᠪᠦᠷᠢᠯᠡᠵᠦ ᠴᠢᠳᠠᠬᠤ ᠪᠠᠷ ᠪᠠᠷᠠᠬᠤ ᠦᠭᠡᠢ ᠂ ᠢᠳᠡᠭᠡᠨ ᠤ ᠬᠦᠴᠢᠯ ᠱᠦᠯᠳᠤ ᠶ᠋ᠢᠨ ᠬᠡᠮᠵᠢᠶ᠎ᠡ ᠶ᠋ᠢ ᠲᠡᠩᠴᠡᠭᠦᠷᠢᠰᠢᠭᠦᠯᠬᠦ ᠳᠤ ᠮᠠᠰᠢ ᠶᠡᠬᠡ ᠦᠢᠯᠡᠳ᠋ᠦᠯ ᠭᠠᠷᠭᠠᠳᠠᠭ᠃       

        ᠲᠦᠮᠦᠰᠦ ᠢᠳᠡᠬᠦ ᠳᠤ ᠪᠠᠰᠠ ᠳᠣᠣᠷᠠᠬᠢ ᠵᠦᠢᠯ ᠢ ᠠᠩᠬᠠᠷᠬᠤ ᠴᠢᠬᠤᠯᠠᠲᠠᠢ ᠄
       ᠲᠦᠮᠦᠰᠦ ᠢᠳᠡᠬᠦ ᠳᠤ ᠪᠠᠨ ᠡᠷᠬᠡᠪᠰᠢ ᠬᠠᠯᠢᠰᠤᠯᠠᠬᠤ ᠬᠡᠷᠡᠭᠲᠡᠢ ᠮᠦᠷᠲᠡᠭᠡᠨ ᠨᠢᠳᠤᠯᠡᠵᠦ ᠪᠠᠶᠢᠭ᠎ᠠ ᠭᠠᠵᠠᠷ ᠢ ᠨᠢ  ᠡᠷᠬᠡᠪᠰᠢ ᠤᠬᠤᠵᠤ ᠬᠠᠶᠠᠨ ᠂ ᠬᠣᠣᠷᠳᠠᠭᠳᠠᠬᠤ ᠠᠴᠠ ᠰᠡᠷᠭᠡᠶᠢᠯᠡᠬᠦ ᠬᠡᠷᠡᠭᠲᠡᠢ᠃ ᠲᠦᠮᠦᠰᠦ ᠪᠠᠨ ᠬᠡᠷᠴᠢᠭᠰᠡᠨ ᠤ ᠰᠡᠭᠦᠯᠡᠷ ᠤᠰᠤᠨ ᠳᠤ ᠲᠡᠩᠳᠡᠭᠦᠥ ᠤᠳᠠᠭᠠᠨ ᠳᠡᠪᠲᠦᠭᠡᠵᠦ ᠪᠣᠯᠬᠤ ᠦᠭᠡᠢ᠃ ᠲᠦᠮᠦᠰᠦ ᠬᠤᠳᠠᠯᠳᠤᠨ ᠠᠪᠬᠤ ᠳᠤ ᠪᠠᠨ ᠬᠠᠯᠢᠰᠤ ᠨᠢ ᠨᠣᠭᠤᠭᠠᠷᠠᠭᠰᠠᠨ ᠪᠤᠶᠤ ᠨᠢᠳ᠋ᠦᠯᠡᠭᠰᠡᠨ ᠢ ᠪᠢᠲᠡᠬᠡᠢ ᠠᠪᠤᠭᠠᠷᠠᠢ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ