ᠳᠠᠭᠤᠴᠢᠨ ᠲᠤᠩᠭᠠᠯᠠᠭ

ᠤᠩᠰᠢᠭᠰᠠᠨ ᠤᠳᠠᠭ᠎ᠠ ᠄ 753    ᠨᠡᠶᠢᠳᠡᠯᠡᠭᠰᠡᠨ ᠴᠠᠭ ᠄ 2016-03-31

      ᠲᠤᠩᠭᠠᠯᠠᠭ ᠂ ᠬᠥᠬᠡᠬᠣᠲᠠ ᠶ᠋ᠢᠨ ᠦᠨᠳᠦᠰᠦᠲᠡᠨ ‍ᠤ ᠳᠠᠭᠤᠤ ᠪᠥᠵᠢᠭ ‍ᠤᠨ ᠪᠦᠯᠬᠦᠮ ‍ᠤᠨ ᠭᠣᠴᠣᠯᠠᠯ ᠳᠠᠭᠤᠴᠢᠨ ᠃ 1963 ᠣᠨ ᠳ᠋ᠤ ᠣᠷᠳᠣᠰ ᠬᠣᠲᠠ ᠶ᠋ᠢᠨ ᠣᠲᠣᠭ ᠬᠣᠰᠢᠭᠤᠨ ᠳ᠋ᠤ ᠲᠥᠷᠥᠵᠡᠢ ᠃ 1977 ᠣᠨ ᠡᠴᠠ ᠣᠲᠣᠭ ᠬᠣᠰᠢᠭᠤᠨ ‍ᠤ ᠤᠯᠠᠭᠠᠨᠮᠦ᠋ᠴᠢᠷ ᠲᠤ ᠠᠵᠢᠯᠯᠠᠨ ᠂ ᠤᠷᠢᠳ ᠬᠣᠵᠢᠳ ᠥᠪᠥᠷ ᠮᠣᠩᠭᠣᠯ ‍ᠤᠨ ᠤᠷᠠᠯᠢᠭ ‍ᠤᠨ ᠰᠤᠷᠭᠠᠭᠤᠯᠢ ᠂ ᠳᠤᠮᠳᠠᠳᠤ ᠤᠯᠤᠰ ‍ᠤᠨ ᠳᠠᠭᠤᠤ ᠬᠥᠭᠵᠢᠮ ‍ᠤᠨ ᠳᠡᠭᠡᠳᠦ ᠰᠤᠷᠭᠠᠭᠤᠯᠢ ᠳ᠋ᠤ ᠳᠠᠪᠰᠢᠨ ᠰᠤᠷᠤᠯᠴᠠᠪᠠ ᠃
      ᠣᠯᠠᠨ ᠵᠢᠯ ‍ᠤᠨ ᠲᠤᠷᠰᠢ ᠲᠡᠷᠡ ᠤᠯᠤᠰ ᠪᠠ ᠣᠷᠣᠨ ‍ᠤ ᠳᠡᠰ ‍ᠤᠨ ᠤᠷᠤᠯᠳᠤᠭᠠᠨ ᠲᠡᠮᠡᠴᠡᠭᠡᠨ ᠳ᠋ᠤ ᠣᠯᠠᠨᠲᠠ ᠣᠷᠣᠯᠴᠠᠵᠤ ᠂ ᠱᠠᠩᠨᠠᠯ ᠬᠦᠬᠢᠭᠦᠯᠦᠯ ᠲᠠᠢ ᠂ ᠠᠮᠵᠢᠯᠲᠠ ᠳᠦᠭᠦᠷᠡᠩ ᠶᠠᠪᠤᠭᠰᠠᠨ ‍ᠤ ᠬᠠᠮᠲᠤ ᠮᠣᠩᠭᠣᠯ ᠂ ᠶᠠᠫᠣᠨ ᠂ ᠫᠣᠯᠠᠨᠳ᠋ ᠂ ᠬᠣᠯᠠᠨᠳ᠋ ᠵᠡᠷᠭᠡ ᠤᠯᠤᠰ ᠣᠷᠣᠨ ᠢᠶᠠᠷ ᠬᠦᠷᠴᠦ ᠤᠷᠠᠯᠢᠭ ‍ᠤᠨ ᠲᠣᠭᠯᠠᠯᠲᠠ ᠭᠠᠷᠭᠠᠨ ᠂ ᠤᠯᠤᠰ ‍ᠤᠨ ᠳᠣᠲᠣᠭᠠᠳᠤ ᠭᠠᠳᠠᠭᠠᠳᠤ ᠶ᠋ᠢᠨ ᠦᠵᠡᠭᠴᠢᠳ ‍ᠤᠨ ᠬᠠᠯᠠᠭᠤᠨ ᠬᠦᠷᠢᠶᠡᠯᠡᠯ ‍ᠢ ᠣᠯᠣᠭᠰᠠᠨ ᠪᠠᠶᠢᠨ᠎ᠠ ᠃ ᠮᠥᠨ《 ᠮᠠᠯᠴᠢᠨ ᠠᠷᠠᠳ ‍ᠤᠨ ᠰᠡᠳᠬᠢᠯ 》ᠬᠡᠮᠡᠭᠰᠡᠨ ᠰᠠᠶᠢᠬᠠᠨ ᠳᠠᠭᠤᠤ ᠪᠠᠷ ᠢᠶᠡᠨ ᠪᠦᠬᠦ ᠮᠣᠩᠭᠣᠯᠴᠤᠳ ᠢᠶᠡᠨ ᠪᠠᠶᠠᠰᠬᠠᠵᠤ ᠂ ᠮᠣᠩᠭᠣᠯ ᠲᠦᠮᠡᠨ ᠳ᠋ᠤ ᠪᠠᠨ ᠲᠠᠨᠢᠭᠳᠠᠨ ᠂ ᠥᠨᠢ ᠮᠥᠩᠬᠡ ᠶ᠋ᠢᠨ ᠰᠠᠶᠢᠬᠠᠨ ᠳᠤᠷᠠᠰᠤᠮᠵᠢ ᠶ᠋ᠢ ᠦᠯᠡᠳᠡᠭᠡᠪᠡ ᠃
                                            ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄