ᠳᠠᠭᠤᠴᠢᠨ ᠂ ᠵᠦᠴᠦᠭᠡᠴᠢᠨ ᠥᠯᠵᠡᠶᠢᠲᠦ

ᠤᠩᠰᠢᠭᠰᠠᠨ ᠤᠳᠠᠭ᠎ᠠ ᠄ 735    ᠨᠡᠶᠢᠳᠡᠯᠡᠭᠰᠡᠨ ᠴᠠᠭ ᠄ 2016-03-31

       ᠥᠯᠵᠡᠶᠢᠲᠦ ᠂ ᠤᠯᠠᠭᠠᠨᠬᠠᠳᠠ ᠬᠣᠲᠠ ᠶ᠋ᠢᠨ ᠪᠠᠭᠠᠷᠢᠨ ᠪᠠᠷᠠᠭᠤᠨ ᠬᠣᠰᠢᠭᠤᠨ ᠳ᠋ᠤ ᠨᠤᠲᠤᠭ ᠲᠠᠢ ᠂ ᠤᠯᠤᠰ ‍ᠤᠨ ᠨᠢᠭᠡᠳᠦᠭᠡᠷ ᠳᠡᠰ ‍ᠤᠨ ᠲᠣᠭᠯᠠᠭᠴᠢ ᠂ ᠳᠠᠭᠤᠴᠢᠨ ᠂ ᠵᠦᠴᠦᠭᠡᠴᠢᠨ ᠃ 1986 ᠣᠨ ᠳ᠋ᠤ ᠱᠠᠩᠬᠠᠢ ᠶ᠋ᠢᠨ ᠰᠢ ᠵᠦᠴᠦᠭᠡ ᠶ᠋ᠢᠨ ᠳᠡᠭᠡᠳᠦ ᠰᠤᠷᠭᠠᠭᠤᠯᠢ ᠡᠴᠠ ᠲᠡᠭᠦᠰᠪᠡ ᠃ ᠮᠣᠩᠭᠣᠯ ᠦᠨᠳᠦᠰᠦᠲᠡᠨ ‍ᠤ ᠵᠠᠯᠠᠭᠤᠴᠤᠳ ‍ᠤᠨ ᠨᠠᠶᠢᠷᠠᠯ ᠳᠠᠭᠤᠤ ᠶ᠋ᠢᠨ ᠪᠦᠯᠬᠦᠮ ‍ᠤᠨ ᠳᠠᠷᠤᠭ᠎ᠠ ᠂ ᠥᠪᠥᠷ ᠮᠣᠩᠭᠣᠯ ‍ᠤᠨ ᠣᠯᠠᠨ ᠤᠯᠤᠰ ‍ᠤᠨ ᠰᠣᠶᠣᠯ ‍ᠤᠨ ᠰᠣᠯᠢᠯᠴᠠᠭᠠᠨ ‍ᠤ ᠲᠥᠪ ‍ᠤᠨ ᠬᠡᠷᠡᠭ ᠡᠷᠬᠢᠯᠡᠭᠴᠢ ᠂ ᠥᠪᠥᠷ ᠮᠣᠩᠭᠣᠯ ‍ᠤᠨ ᠦᠨᠳᠦᠰᠦᠲᠡᠨ ‍ᠤ ᠰᠣᠶᠣᠯ ᠤᠷᠠᠯᠢᠭ ‍ᠤᠨ ᠬᠥᠭᠵᠢᠯᠲᠡ ᠶ᠋ᠢᠨ ᠰᠣᠯᠢᠯᠴᠠᠭᠠᠨ ‍ᠤ ᠨᠡᠶᠢᠭᠡᠮᠯᠢᠭ ‍ᠤᠨ ᠳᠠᠷᠤᠭ᠎ᠠ ᠂ ᠥᠪᠥᠷ ᠮᠣᠩᠭᠣᠯ ‍ᠤᠨ ᠰᠢ ᠵᠦᠴᠦᠭᠡᠴᠢᠳ ‍ᠤᠨ ᠨᠡᠶᠢᠭᠡᠮᠯᠢᠭ ᠦᠨ ᠪᠠᠶᠢᠩᠭᠤ ᠶ᠋ᠢᠨ ᠬᠡᠷᠡᠭ ᠡᠷᠬᠢᠯᠡᠭᠴᠢ ᠃
       ᠠᠷᠪᠠᠨ ᠵᠢᠷᠭᠤᠭᠠᠨ ᠨᠠᠰᠤᠨ ᠳ᠋ᠤ ᠪᠠᠨ ᠤᠯᠠᠭᠠᠨᠬᠠᠳᠠ ᠬᠣᠲᠠ ᠶ᠋ᠢᠨ ᠦᠨᠳᠦᠰᠦᠲᠡᠨ ‍ᠤ ᠳᠠᠭᠤᠤ ᠪᠥᠵᠢᠭ ‍ᠤᠨ ᠪᠦᠯᠬᠦᠮ ᠳ᠋ᠤ ᠰᠢᠯᠭᠠᠨ ᠣᠷᠣᠭᠰᠠᠨ ᠥᠯᠵᠡᠶᠢᠲᠦ ᠭᠤᠸᠠᠢ ᠭᠤᠴᠢᠭᠠᠳ ᠵᠢᠯ ‍ᠤᠨ ᠤᠷᠠᠯᠢᠭ ‍ᠤᠨ ᠠᠶᠠᠨ ᠳ᠋ᠤ ᠪᠠᠨ ᠳᠠᠭᠤᠤ ᠳᠠᠭᠤᠯᠠᠵᠤ ᠂ ᠪᠥᠵᠢᠭ ᠪᠥᠵᠢᠭᠯᠡᠬᠦ ᠶ᠋ᠢᠨ ᠳᠠᠭᠠᠤ ᠵᠦᠴᠦᠭᠡ ᠲᠣᠭᠯᠠᠭᠰᠠᠭᠠᠷ ᠢᠷᠡᠵᠡᠢ ᠃ ᠣᠯᠠᠨ ᠪᠥᠯᠥᠭᠲᠦ ᠶᠠᠷᠢᠶᠠᠲᠤ ᠵᠦᠴᠦᠭᠡ᠂ ᠳᠠᠭᠤᠯᠠᠯᠲᠤ ᠵᠦᠴᠦᠭᠡ ᠂ ᠲᠸᠯᠸᠢᠰ ᠵᠦᠴᠦᠭᠡᠳ᠋ᠤ ᠭᠣᠣᠯ ᠳᠦᠷᠢ ᠶ᠋ᠢ ᠲᠣᠭᠯᠠᠵᠤ ᠪᠠᠶᠢᠭᠰᠠᠨ ᠪᠥᠭᠡᠳ ᠣᠯᠠᠨ ᠤᠳᠠᠭ᠎ᠠ ᠲᠠᠶᠢᠰᠠᠨ ‍ᠤ ᠵᠦᠴᠦᠭᠡ ᠶ᠋ᠢᠨ ᠤᠳᠤᠷᠢᠳᠤᠭᠠᠴᠢ ᠪᠣᠯᠵᠤ ᠪᠠᠶᠢᠵᠠᠢ ᠃ ᠮᠥᠨ ᠣᠷᠣᠨ ᠂ ᠬᠣᠲᠠ ᠶ᠋ᠢᠨ ᠳᠡᠰ ‍ᠤᠨ ᠤᠷᠤᠯᠳᠤᠭᠠᠨ ᠲᠡᠮᠡᠴᠡᠭᠡᠨ ᠢᠶᠠᠷ ᠰᠢᠯᠢᠳᠡᠭ ᠂ ᠭᠤᠷᠪᠠᠳᠤᠭᠠᠷ ᠂ ᠬᠣᠶᠠᠳᠤᠭᠠᠷ ᠂ ᠨᠢᠭᠡᠳᠦᠭᠡᠷ ᠳᠡᠰ ‍ᠤᠨ ᠱᠠᠩᠨᠠᠯ ‍ᠢ ᠣᠯᠠᠨᠲᠠ ᠲᠣᠰᠴᠤ ᠪᠠᠶᠢᠭᠰᠠᠨ ᠪᠥᠭᠡᠳ ᠳᠥᠷᠪᠡ ᠂ ᠲᠠᠪᠤᠳᠤᠭᠠᠷ ᠬᠤᠭᠤᠴᠠᠭᠠᠨ ‍ᠤ《 ᠲᠠᠪᠤᠨ ᠲᠢᠪ  》 ᠬᠤᠨᠳᠠᠭᠠᠲᠤ ᠪᠦᠬᠦ ᠤᠯᠤᠰ ‍ᠤᠨ ᠵᠠᠯᠠᠭᠤ ᠳᠠᠭᠤᠴᠢᠳ ‍ᠤᠨ ᠳᠠᠭᠤᠤ ᠶ᠋ᠢᠨ ᠲᠡᠮᠡᠴᠡᠭᠡᠨ ᠬᠢᠭᠡᠳ ᠨᠠᠢᠮᠠᠨ ᠮᠤᠵᠢ ᠣᠷᠣᠨ ‍ᠤ ᠵᠠᠯᠠᠭᠤ ᠳᠠᠭᠤᠴᠢᠳ ‍ᠤᠨ ᠳᠠᠭᠤᠤ ᠶ᠋ᠢᠨ ᠲᠡᠮᠡᠴᠡᠭᠡᠨ ᠳ᠋ᠤ ᠣᠷᠣᠯᠴᠠᠨ ᠱᠠᠩᠨᠠᠯ ᠮᠸᠳᠠᠯ ᠲᠣᠰᠴᠤ ᠂ ᠭᠢᠯᠠᠷᠠᠭᠤᠯᠵᠤ ᠶᠠᠪᠤᠵᠤ ᠪᠠᠶᠢᠭᠰᠠᠨ ᠰᠠᠶᠢᠬᠠᠨ ᠳᠤᠷᠠᠳᠬᠠᠯ ᠲᠠᠢ ᠃
      1998 ᠣᠨ ᠡᠴᠠ ᠣᠳᠣ ᠪᠣᠯᠲᠠᠯ᠎ᠠ ᠮᠣᠩᠭᠣᠯ ᠦᠨᠳᠦᠰᠦᠲᠡᠨ ‍ᠤ ᠵᠠᠯᠠᠭᠤᠴᠤᠳ ‍ᠤᠨ ᠨᠠᠶᠢᠷᠠᠯ ᠳᠠᠭᠤᠤ ᠶ᠋ᠢᠨ ᠪᠦᠯᠬᠦᠮ ᠲᠠᠢ ᠬᠠᠮᠲᠤ ᠠᠦ᠋ᠰᠲ᠋ᠷᠯᠢᠶ᠎ᠠ᠂ ᠭᠸᠷᠮᠠᠨ ᠂ ᠬᠣᠯᠠᠨᠳ᠋ ᠂ ᠹᠷᠠᠨᠽᠢ ᠂ ᠢᠰᠫᠠᠨᠢ ᠂ ᠯᠢᠪᠢᠶ᠎ᠡ ᠵᠡᠷᠭᠡ ᠠᠷᠪᠠ ᠭᠠᠷᠤᠢ ᠤᠯᠤᠰ ᠢᠶᠠᠷ ᠬᠦᠷᠴᠦ ᠲᠣᠭᠯᠠᠯᠲᠠ  ᠭᠠᠷᠭᠠᠨ ᠂ 2000 ᠣᠨ ᠳ᠋ᠤ ᠪᠣᠯᠣᠭᠰᠠᠨ ᠠᠦ᠋ᠰᠲ᠋ᠷᠢᠶ᠎ᠠ ᠶ᠋ᠢᠨ ᠣᠯᠠᠨ ᠤᠯᠤᠰ ‍ᠤᠨ ᠣᠯᠢᠮᠫᠢᠺ ‍ᠤᠨ ᠨᠠᠶᠢᠷᠠᠯ ᠳᠠᠭᠤᠤ ᠶ᠋ᠢᠨ ᠶᠡᠬᠡ ᠲᠡᠮᠡᠴᠡᠭᠡᠨ ᠳ᠋ᠤ  ᠭᠤᠷᠪᠠᠨ ᠲᠥᠷᠥᠯ ‍ᠤᠨ ᠠᠯᠲᠠᠨ ᠮᠸᠳᠠᠯ ‍ᠢ ᠲᠤᠰ ᠲᠤᠰ ᠲᠣᠰᠣᠭᠰᠠᠨ ᠪᠠᠶᠢᠨ᠎ᠠ ᠃

                               ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄