ᠮᠣᠩᠭᠣᠯ ᠤᠨᠢᠰᠤᠭ᠎ᠠ ( ᠳᠥᠷᠪᠡ )

ᠤᠩᠰᠢᠭᠰᠠᠨ ᠤᠳᠠᠭ᠎ᠠ ᠄ 795    ᠨᠡᠶᠢᠳᠡᠯᠡᠭᠰᠡᠨ ᠴᠠᠭ ᠄ 2016-03-31

           ᠤᠨᠢᠰᠤᠭ᠎ᠠ ᠲᠠᠭᠠᠪᠤᠷᠢ
1. ᠠᠯᠠᠭ ᠪᠢᠷᠠᠭᠤ ᠪᠤᠷᠭᠠᠰᠤᠨ ᠬᠤᠷᠤᠭ᠎ᠠ ᠲᠡᠢ ᠃
2. ᠠᠷᠤ ᠲᠡᠭᠡᠭᠦᠷ ᠪᠠᠷᠢᠭᠰᠠᠨ ᠠᠷᠪᠠᠨ ᠴᠠᠭᠠᠨ ᠭᠡᠷ ᠃
3. ᠬᠦᠭᠡ ᠪᠤᠬ᠎ᠠ ᠬᠡᠪᠳᠡᠭᠡ ᠪᠡᠷ ᠵᠢᠡᠨ ᠲᠠᠷᠭᠤᠯᠠᠨ᠎ᠠ ᠃
4. ᠠᠷᠪᠠᠨ ᠡᠮᠡᠬᠡᠨ ᠠᠷᠤ ᠲᠡᠭᠡᠷ᠎ᠡ ᠪᠡᠨ ᠮᠥᠰᠦ ᠲᠡᠢ ᠃ 
5. ᠡᠷᠬᠢ ᠲᠤᠳᠤᠷ᠎ᠠ ᠡᠷᠢᠶᠠᠨ ᠪᠦᠮᠪᠦᠭᠡ ᠃
6. ᠤᠯᠠᠭᠠᠨ ᠬᠤᠩᠬᠤᠷ ‍ᠤᠨ ᠲᠤᠳᠤᠷ᠎ᠠ ᠤᠶᠠᠭ᠎ᠠ ᠲᠡᠢ ᠴᠠᠭᠠᠨ ᠠᠳᠤᠭᠤ ᠃ 
7. ᠦᠷᠭᠡᠨ ᠲᠠᠯ᠎ᠠ ᠵᠢᠨ ᠲᠤᠮᠳᠠ ᠦᠨᠦᠴᠢᠨ ᠲᠠᠤᠯᠠᠢ ᠬᠡᠪᠳᠡᠨ᠎ᠡ ᠃       
8. ᠨᠠᠷᠢᠨ ᠭᠤᠤᠯ ‍ᠤᠨ ᠪᠤᠷᠭᠠᠰᠤ ᠨᠠᠮᠠᠭ᠎ᠠ ᠪᠡᠷ ᠵᠢᠡᠨ ᠨᠡᠶᠢᠯᠡᠨ᠎ᠡ ᠃  
9. ᠨᠡᠶᠢᠯᠡ ᠨᠡᠶᠢᠯᠡ ᠭᠡᠪᠡᠯ ᠨᠡᠶᠢᠯᠡᠬᠦ ᠦᠭᠡᠢ ᠪᠤᠤ ᠨᠡᠶᠢᠯᠡ ᠭᠡᠪᠡᠯ ᠨᠡᠶᠢᠯᠡᠨ᠎ᠡ ᠃
10. ᠨᠢᠮᠭᠡᠨ ᠬᠠᠳᠠ ᠵᠢ ᠨᠡᠭᠡᠭᠡᠵᠥ ᠪᠤᠯᠬᠤ ᠦᠭᠡᠢ ᠃  
11. ᠨᠤᠭᠤᠰᠤᠳᠤ ᠵᠢᠨ ᠪᠦᠳᠦᠭᠦᠨ ‍ᠤ ᠠᠷᠤ ᠳ᠋ᠤ ᠨᠠᠭᠤᠷ ᠲᠤᠭᠳᠠᠮᠠᠷ ᠬᠤᠳᠤᠭᠤᠷ ᠃ 
12. ᠪᠤᠷᠬᠠᠨ ‍ᠤ ᠬᠡᠤᠬᠡᠳ ᠪᠤᠷᠭᠠᠰᠤ ᠪᠡᠷ ᠨᠠᠭᠠᠳᠤᠨ᠎ᠠ ᠃  
 

 ᠲᠡᠭᠡᠷᠡᠬᠢ ᠤᠨᠢᠰᠤᠭ᠎ᠠ ᠵᠢᠨ ᠲᠠᠶᠢᠯᠪᠤᠷᠢ ᠄
1. ᠨᠢᠳᠤ

2. ᠬᠢᠮᠤᠰᠤ

3. ᠦᠨᠡᠰᠦ

4. ᠬᠢᠮᠤᠰᠤ

5. ᠨᠢᠳᠤ

6. ᠰᠢᠳᠤ

7. ᠬᠦᠢᠰᠦ 

8. ᠨᠢᠳᠤᠨ ‍ᠤ ᠰᠤᠷᠮᠤᠰᠤ

9. ᠤᠷᠤᠭᠤᠯ

10. ᠬᠢᠮᠤᠰᠤ

11. ᠬᠦᠮᠦᠨ ‍ᠤ ᠴᠢᠮᠠᠯᠠᠬᠠᠢ

12. ᠰᠤᠷᠮᠤᠰᠤ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄