ᠮᠣᠩᠭᠣᠯ ᠤᠨᠢᠰᠤᠭ᠎ᠠ ( ᠭᠤᠷᠪᠠ )

ᠤᠩᠰᠢᠭᠰᠠᠨ ᠤᠳᠠᠭ᠎ᠠ ᠄ 915    ᠨᠡᠶᠢᠳᠡᠯᠡᠭᠰᠡᠨ ᠴᠠᠭ ᠄ 2016-03-31

          ᠤᠨᠢᠰᠤᠭ᠎ᠠ ᠲᠠᠭᠠᠪᠤᠷᠢ 
1. ᠢᠨᠪᠢ ᠵᠢᠨᠪᠢ ᠬᠤᠶᠠᠷ ᠢᠯᠬᠢ ᠰᠠᠷᠢᠰᠤ ᠬᠤᠶᠠᠷ
    ᠤᠩᠭᠤᠢ ᠲᠤᠩᠭᠤᠢ ᠬᠤᠶᠠᠷ ᠤᠭᠤᠨᠤ ᠰᠢᠷᠠᠭᠴᠢᠨ ᠬᠤᠶᠠᠷ ᠃

 

2. ᠤᠩᠭᠤᠨ ᠲᠦᠭᠦᠷᠢᠭ ᠠᠰᠠᠷ ᠲᠤ ᠤᠪᠠᠳᠢᠰ ‍ᠤᠨ ᠲᠤᠯᠤᠭᠠᠨ ᠡᠭᠦᠳᠡ ᠲᠡᠢ
    ᠤᠷᠤᠩᠨᠠᠨ ᠰᠠᠭᠠᠳᠠᠳᠠᠭ ᠰᠠᠭᠢᠭᠤᠰᠤ ᠨᠢ ᠤᠶᠤᠨ ᠲᠡᠭᠦᠰ ᠡᠷᠳᠡᠮ ᠲᠡᠢ ᠃

 

3. ᠤᠷᠤᠪᠠᠴᠤ ᠴᠤᠭ ᠭᠠᠷᠪᠠᠴᠤ ᠴᠤᠭ ᠭᠡᠷᠡᠯᠳᠡᠢ ᠭᠠᠵᠠᠷ ᠬᠠᠮᠳᠤ ᠶᠠᠪᠤᠬᠤ ᠡᠴᠡ ᠪᠢᠰᠢ
    ᠬᠠᠷᠠᠩᠭᠤᠢ ᠭᠠᠵᠠᠷ ᠲᠤ ᠬᠠᠨᠢ ᠪᠤᠯᠬᠤ ᠦᠭᠡᠢ ᠃

 

4. ᠤᠷᠭᠤᠭ᠎ᠠ ᠦᠭᠡᠢ ᠪᠤᠳᠠᠨ ᠲᠤᠳᠤᠷ᠎ᠠ ᠡᠴᠡ ᠲᠦᠷᠦᠭᠡ ᠦᠭᠡᠢ ᠲᠠᠤᠯᠠᠢ ᠪᠤᠰᠴᠤ 
    ᠨᠢᠳᠤ ᠦᠭᠡᠢ ᠬᠦᠮᠦᠨ ᠦᠵᠡᠭᠡᠳ ᠬᠦᠯ ᠦᠭᠡᠢ ᠬᠦᠮᠦᠨ ᠬᠦᠭᠡᠭᠡᠵᠥ
    ᠭᠠᠷ ᠦᠭᠡᠢ ᠬᠦᠮᠦᠨ ᠪᠠᠷᠢᠵᠤ ᠠᠮᠠ ᠦᠭᠡᠢ ᠬᠦᠮᠦᠨ ᠢᠳᠡᠭᠰᠡᠨ ‍ᠢ ᠴᠢᠬᠢ ᠦᠭᠡᠢ   
    ᠬᠦᠮᠦᠨ ᠰᠤᠨᠤᠰᠤᠨ᠎ᠠ ᠃

 

5. ᠦᠨᠳᠦᠷ ᠤᠷᠤᠢ ᠳ᠋ᠤ ᠦ ᠦᠭᠡᠢ ᠪᠦᠮᠪᠦᠬᠡ ᠡᠷᠬᠢᠨ ᠲᠤᠭᠤᠷᠢᠨ
    ᠲᠤᠯᠤᠭᠠᠨ ᠨᠦᠬᠡ ᠦᠷᠦ ᠭᠤᠤᠯ ᠳ᠋ᠤ ᠪᠡᠨ ᠵᠤᠰᠠᠯᠠᠩ ‍ᠤᠨ ᠬᠠᠯᠴᠠᠭᠠᠢ ᠃

 

6. ᠦᠨᠳᠦᠷ ᠠᠭᠤᠯᠠ ᠵᠢᠨ ᠤᠷᠤᠢ ᠲᠡᠭᠡᠷ᠎ᠡ ᠲᠤᠭᠤᠭᠠᠨ ᠴᠢᠨᠡᠭᠡ ᠲᠠᠪᠤᠰᠤ ᠬᠦᠮᠦᠨ 
    ᠬᠦᠷᠦᠭᠡᠳ ᠠᠪᠬᠤ ᠦᠭᠡᠢ
    ᠲᠡᠷᠭᠡ ᠬᠦᠷᠦᠭᠡᠳ ᠲᠡᠭᠡᠭᠡᠭᠦ ᠦᠭᠡᠢ ᠲᠡᠮᠡᠭᠡ ᠬᠦᠷᠦᠭᠡᠳ ᠢᠳᠡᠬᠦ ᠦᠭᠡᠢ ᠃ 

 

7. ᠪᠢᠯᠢᠭᠲᠦ ᠠᠪᠤ ᠵᠢᠨ ᠪᠤᠳᠤᠩ ᠪᠢᠳᠡᠬᠦᠤ ᠴᠢᠨᠠᠭᠰᠠᠨ ᠪᠤᠳᠠᠭ᠎ᠠ ᠰᠤᠨᠤᠷ ᠬᠤᠶᠠᠷ ᠲᠠᠷᠤᠯᠭ᠎ᠠ 
    ᠰᠤᠪᠤᠳ ᠬᠤᠶᠠᠷ ᠰᠢᠬᠢᠳᠬᠡᠷ ᠭᠤᠴᠢᠨ ᠬᠤᠶᠠᠷ ᠴᠡᠪᠴᠢᠶᠡᠷ ᠭᠤᠯᠭᠤᠭᠤᠷ ᠤᠯᠠᠭᠠᠨ 
    ᠬᠡᠤᠬᠡᠳ ᠃ 

 

8. ᠪᠤᠰᠤᠭ᠎ᠠ ᠬᠠᠳᠠᠨ ‍ᠤ ᠡᠩᠭᠡᠷ ᠲᠡᠭᠡᠷ᠎ᠡ ᠪᠤᠯᠤᠷ ᠲᠤᠩᠭᠠᠯᠠᠭ ᠬᠤᠶᠠᠷ ᠨᠠᠭᠤᠷ
    ᠪᠤᠰᠤᠳ ᠨᠠᠭᠤᠷ ᠲᠡᠢ ᠲᠠᠭᠠᠷᠠᠬᠤ ᠦᠭᠡᠢ ᠨᠠᠭᠤᠷ ᠪᠤᠷᠵᠠᠩ ᠬᠢᠨᠠᠭ ᠤᠷᠤᠭᠤᠯᠬᠤ
    ᠦᠭᠡᠢ ᠨᠠᠭᠤᠷ ᠃  
      

 

ᠲᠡᠭᠡᠷᠡᠬᠢ ᠤᠨᠢᠰᠤᠭ᠎ᠠ ᠵᠢᠨ ᠲᠠᠶᠢᠯᠪᠤᠷᠢ ᠄

1. ᠤᠷᠤᠭᠤᠯ ᠴᠢᠬᠢ ᠨᠢᠳᠤ ᠬᠠᠮᠠᠷ

2. ᠲᠠᠷᠢᠬᠢ

3. ᠰᠡᠭᠦᠳᠡᠷ 

4. ᠵᠡᠭᠦᠳᠤ

5. ᠬᠤᠵᠢᠭᠢᠷ

6. ᠬᠤᠵᠢᠭᠢᠷ 

7. ᠲᠠᠷᠢᠬᠢ ᠴᠢᠬᠢ ᠨᠢᠳᠤ ᠰᠢᠳᠤ ᠬᠡᠯᠡ

8. ᠨᠢᠳᠤ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄