ᠠᠯᠳᠠᠷᠲᠤ ᠳᠠᠭᠤᠴᠢᠨ᠂ ᠵᠦᠴᠦᠭᠡᠴᠢᠨ ᠴᠢᠯᠠᠭᠤ

ᠤᠩᠰᠢᠭᠰᠠᠨ ᠤᠳᠠᠭ᠎ᠠ ᠄ 1072    ᠨᠡᠶᠢᠳᠡᠯᠡᠭᠰᠡᠨ ᠴᠠᠭ ᠄ 2016-03-31

      ᠴᠢᠯᠠᠭᠣ᠂ ᠣᠣᠯ ᠨᠠᠷ᠎ᠡ ᠨᠢ ᠡᠷᠳᠡᠨᠢᠴᠢᠯᠠᠭᠣ᠂ ᠨᠥᠭᠦᠭᠡ ᠨᠠᠷ᠎ᠡ ᠨᠢ ᠡᠦ ᠴᠢᠯᠠᠭᠣ᠃ ᠮᠣᠩᠭᠣᠯ ᠦᠨᠳᠦᠰᠦᠲᠡᠨ ‍ᠤ ᠠᠯᠳᠠᠷᠲᠤ ᠳᠠᠭᠤᠴᠢᠨ᠂ ᠵᠦᠴᠦᠭᠡᠴᠢᠨ᠂ ᠤᠯᠤᠰ ‍ᠤᠨ ᠨᠢᠭᠡᠳᠦᠭᠡᠷ ᠳᠡᠰ ‍ᠤᠨ ᠲᠣᠭᠯᠠᠭᠴᠢ᠃ 1959 ᠣᠨ ᠳ᠋ᠥ ᠵᠢᠷᠢᠮ ᠠᠶᠢᠮᠠᠭ ᠤᠨ ᠵᠠᠷᠣᠳ ᠬᠣᠰᠢᠭᠣᠨ ᠤ ᠨᠢᠭᠡᠨ ᠮᠠᠯᠴᠢᠨ ᠤ ᠭᠡᠷ ᠪᠥᠯᠢ ᠳ᠋ᠦ ᠲᠥᠷᠥᠵᠥ᠂ 1975 ᠣᠨ ᠳ᠋ᠥ ᠵᠠᠷᠣᠳ ᠬᠣᠰᠢᠭᠣᠨ ‍ᠤ ᠪᠠᠶᠠᠷᠲᠣᠬᠣᠰᠢᠭᠣ ᠨᠢᠭᠡᠲᠥᠯ ᠦᠨ ᠬᠣᠪᠣᠯᠲᠣ ᠪᠠᠷᠢᠭᠠᠳᠠ ᠶ᠋ᠢᠨ ᠣᠷᠠᠨ ᠰᠠᠶᠢᠬᠠᠨ ᠤ ᠠᠩᠭᠢ ᠳ᠋ᠤ ᠰᠣᠩᠭᠣᠭᠳᠠᠨ ᠣᠷᠣᠵᠣ᠂ 1976 ᠣᠨ ᠳ᠋ᠥ ᠵᠠᠷᠣᠳ ᠬᠣᠰᠢᠭᠣᠨ ᠤ ᠤᠯᠠᠭᠠᠨᠮᠦ᠋ᠴᠢᠷ ᠲᠤ ᠣᠷᠣᠪᠠ᠃ 1985 ᠣᠨ ᠳ᠋ᠥ ᠥᠪᠥᠷ ᠮᠣᠩᠭᠣᠯ ᠤᠨ ᠥᠨᠳᠥᠰᠦᠲᠡᠨ ᠦ ᠵᠦᠴᠦᠭᠡ ᠶ᠋ᠢᠨ ᠪᠥᠯᠬᠦᠮ ᠳ᠋ᠥ ᠠᠵᠢᠯ ᠰᠢᠯᠵᠢᠵᠦ ᠳᠠᠭᠣᠯᠠᠯᠲᠦ ᠵᠦᠴᠦᠭᠡ ᠶ᠋ᠢᠨ ᠲᠣᠭᠯᠠᠭᠴᠢ ᠪᠣᠯᠣᠭᠰᠠᠨ ᠪᠥᠭᠡᠳ ᠮᠥᠨ ᠵᠢᠯ  ᠳ᠋ᠡᠬᠡᠨ ᠲᠥᠪ ‍ᠦᠨ ᠳᠠᠭᠣᠣ ᠬᠥᠭᠵᠢᠮ ᠦᠨ ᠳᠡᠭᠡᠳᠦ ᠰᠣᠷᠭᠠᠭᠣᠯᠢ ᠶ᠋ᠢᠨ ᠳᠠᠭᠣᠯᠠᠬᠣᠢ ᠶ᠋ᠢᠨ ᠰᠠᠯᠪᠣᠷᠢ ᠳ᠋ᠥ ᠰᠢᠯᠭᠠᠭᠳᠠᠨ ᠣᠷᠣᠵᠣ ᠰᠢᠰᠲ᠋ᠸᠮ ᠲᠠᠢ ᠰᠣᠷᠣᠯᠴᠠᠯᠭ᠎ᠠ ᠪᠠᠨ ᠡᠬᠢᠯᠡᠭᠦᠯᠵᠦ᠂ ᠠᠯᠳᠠᠷᠳᠣ ᠰᠣᠷᠭᠠᠨ ᠬᠦᠮᠦᠵᠢᠯᠲᠡᠨ ᠸᠠᠩ ᠹᠦ᠋ ᠽᠧᠩ ᠪᠠ ᠠᠯᠳᠠᠷᠲᠣ ᠳᠠᠭᠣᠴᠢᠨ ᠯᠢ ᠱᠤᠸᠠᠩ ᠵᠢᠶᠠᠩ ᠳ᠋ᠥ ᠱᠠᠪᠢᠯᠠᠪᠠ᠃
     1988 ᠣᠨ ᠳ᠋ᠥ ᠪᠦᠬᠦ ᠣᠯᠣᠰ ᠤᠨ ᠵᠠᠯᠠᠭᠣ ᠳᠠᠭᠣᠴᠢᠳ ᠤᠨ ᠲᠧᠯᠸᠢᠰ ᠱᠠᠩᠨᠠᠯᠲᠤ ᠣᠷᠣᠯᠳᠣᠭᠠᠨ ᠳ᠋ᠥ ᠣᠷᠣᠯᠴᠠᠵᠣ ᠥᠨᠳᠦᠰᠦᠲᠡᠨ ᠦ ᠳᠠᠭᠣᠯᠠᠬᠣ ᠠᠷᠭ᠎ᠠ ᠶ᠋ᠢᠨ ᠨᠢᠭᠡᠳᠦᠭᠡᠷ ᠳᠡᠰ ᠦᠨ ᠱᠠᠩᠨᠠᠯ ᠬᠦᠷᠲᠡᠵᠦ᠂ ᠲᠥᠪ ᠦᠨ ᠲᠧᠯᠸᠢᠰ ᠬᠣᠷᠢᠶᠠᠨ ᠤ ᠣᠨᠴᠠ ᠣᠷᠢᠭᠰᠠᠨ ᠲᠣᠭᠯᠠᠭᠴᠢ ᠪᠣᠯᠪᠠ᠃ 1989 ᠣᠨ ᠳ᠋ᠥ ᠳᠣᠮᠳᠠᠳᠣ ᠣᠯᠣᠰ ᠤᠨ ᠥᠨᠳᠥᠰᠥᠲᠡᠨ ᠦ ᠳᠠᠭᠣᠯᠠᠬᠣᠢ ᠶ᠋ᠢᠨ ᠰᠣᠳᠣᠨ ᠪᠥᠯᠬᠦᠮ ᠤᠨ ᠬᠡᠰᠢᠭᠦᠨ ᠪᠣᠯᠪᠠ᠃ 1989 ᠣᠨ ᠳ᠋ᠥ ᠲᠡᠬᠦᠰᠦᠭᠰᠡᠨ ᠦ ᠪᠡᠨ ᠳᠠᠷᠠᠭ᠎ᠠ ᠥᠪᠥᠷ ᠮᠣᠩᠭᠣᠯ ᠤᠨ ᠳᠠᠭᠣᠣ ᠪᠦᠵᠢᠭ ᠵᠦᠴᠦᠭᠡ ᠶ᠋ᠢᠨ ᠪᠥᠯᠬᠦᠮ ᠳ᠋ᠥ ᠠᠵᠢᠯ ᠰᠢᠯᠵᠢᠵᠦ᠂ 1998 ᠣᠨ ᠳ᠋ᠥ 《 ᠴᠡᠯᠡᠭᠡᠷ ᠲᠠᠯ᠎ᠠ 》 ᠳ᠋ᠥ ᠰᠢᠨ᠎ᠡ ᠪᠡᠷ ᠠᠶ᠎ᠠ ᠲᠠᠭᠠᠷᠠᠭᠣᠯᠵᠣ᠂ 1999 ᠣᠨ ᠳ᠋ᠥ ᠪᠦᠬᠦ ᠣᠯᠣᠰ ᠤᠨ 《 ᠲᠣᠭᠣᠰ 》 ᠬᠣᠨᠳᠠᠭᠠᠲᠣ ᠴᠦᠭᠡᠨ ᠲᠣᠭᠠᠲᠣ ᠥᠨᠳᠥᠰᠥᠲᠡᠨ ‍ᠦ ᠳᠠᠭᠣᠣ ᠶ᠋ᠢᠨ ᠣᠷᠣᠯᠳᠣᠭᠠᠨ ᠳ᠋ᠥ ᠣᠷᠣᠯᠴᠠᠭᠠᠳ ᠠᠯᠲᠠᠨ ᠮᠸᠳᠠᠯ ᠬᠦᠷᠲᠡᠪᠡ᠃ 2000 ᠣᠨ ᠳ᠋ᠥ ᠪᠦᠬᠦ ᠤᠯᠤᠰ ᠤᠨ ᠶᠢᠰᠦᠳᠦᠭᠡᠷ ᠬᠣᠭᠣᠴᠠᠭᠠᠨ ᠤ ᠴᠦᠭᠡᠨ ᠲᠣᠭᠠᠲᠣ ᠥᠨᠳᠥᠰᠦᠲᠡᠨ ᠦ ᠳᠠᠭᠣᠯᠠᠬᠣᠢ ᠶ᠋ᠢᠨ ᠣᠷᠣᠯᠳᠣᠭᠠᠨ ᠳ᠋ᠥ ᠨᠢᠭᠡᠳᠦᠭᠡᠷ ᠳᠡᠰ ᠦᠨ ᠱᠠᠩᠨᠠᠯ ᠬᠦᠷᠲᠡᠪᠡ᠃

      ᠴᠢᠯᠠᠭᠣ ᠡᠳᠦᠭᠡ ᠬᠦ᠋ᠷᠲᠡᠯ᠎ᠡ ᠳᠠᠭᠣᠯᠠᠯᠲᠣ ᠵᠦᠴᠦᠭᠡ ᠵᠠᠭᠣ ᠭᠠᠷᠣᠢ ᠵᠣᠭᠢᠶᠠᠨ ᠪᠥᠲᠥᠭᠡᠵᠦ᠂ ᠳᠠᠭᠣᠣ ᠵᠠᠭᠣ ᠭᠠᠷᠣᠢ ᠵᠣᠭᠢᠶᠠᠨ ᠪᠥᠲᠦᠭᠡᠵᠠᠢ᠃ ᠲᠡᠷᠡ ᠬᠣᠷᠴᠢᠨ ᠠᠷᠠᠳ ᠤᠨ ᠣᠷᠲᠣ ᠶ᠋ᠢᠨ ᠳᠠᠭᠣᠣ ᠶ᠋ᠢ ᠥᠷᠦᠨᠡᠳᠠᠬᠢᠨ ᠤ ᠭᠣᠶᠢᠳᠠ ᠳᠠᠭᠣᠯᠠᠯᠭ᠎ᠠ ᠶ᠋ᠢᠨ ᠠᠷᠭ᠎ᠠ ᠲᠠᠢ ᠣᠶᠠᠯᠳᠣᠭᠣᠯᠥᠨ ᠳᠠᠭᠣᠯᠠᠵᠣ᠂ ᠬᠣᠷᠴᠢᠨ ᠠᠷᠠᠳ ᠤᠨ ᠣᠷᠲᠣ ᠶ᠋ᠢᠨ ᠳᠠᠭᠣᠣ ᠶ᠋ᠢ ᠰᠢᠨ᠎ᠡ ᠨᠢᠭᠡᠨ ᠬᠢᠷᠢ ᠲᠦᠪᠰᠢᠨ ᠳ᠋ᠥ ᠬᠦᠷᠭᠡᠪᠡ᠃ 2010 ᠣᠨ ᠤ 6 ᠰᠠᠷ᠎ᠠ ᠳ᠋ᠥ ᠥᠪᠡᠷᠳᠡᠭᠡᠨ ᠵᠠᠰᠠᠬᠣ ᠣᠷᠣᠨ ᠤ ᠰᠣᠶᠣᠯ ᠤᠨ ᠲᠢᠩᠬᠢᠮ ᠡᠴᠡ ᠴᠢᠯᠠᠭᠣ ᠳ᠋ᠥ 《 ᠥᠪᠥᠷ ᠮᠣᠩᠭᠣᠯ ‍ᠤᠨ ᠥᠪᠡᠷᠳᠡᠭᠡᠨ ᠵᠠᠰᠠᠬᠣ ᠣᠷᠣᠨ ᠤ ᠪᠣᠳᠠᠰ ᠤᠨ ᠪᠣᠰᠣ ᠰᠣᠶᠣᠯ  ‍ᠤᠨ ᠥᠪ ‍ᠦᠨ ᠲᠥᠷᠥᠯ ᠵᠥᠢᠯ ᠦᠨ ᠮᠣᠩᠭᠣᠯ ᠥᠨᠳᠥᠰᠥᠲᠡᠨ ᠦ ᠠᠷᠠᠳ ‍ᠤᠨ ᠣᠷᠲᠣ ᠶ᠋ᠢᠨ ᠳᠠᠭᠣᠣ ᠶ᠋ᠢᠨ ᠲᠦᠯᠦᠭᠡᠯᠡᠭᠴᠢ ᠴᠢᠨᠠᠷᠲᠠᠢ ᠣᠯᠠᠮᠵᠢᠯᠠᠭᠴᠢ 》 ᠶ᠋ᠢᠨ ᠥᠨᠡᠮᠯᠡᠯ ᠣᠯᠭᠣᠵᠠᠢ᠃

 

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄