ᠠᠯᠳᠠᠷᠲᠤ ᠤᠷᠲᠤ ᠶ᠋ᠢᠨ ᠳᠠᠭᠤᠴᠢᠨ ᠦ‍ · ᠨᠠᠴᠤᠭᠳᠣᠷᠵᠢ

ᠤᠩᠰᠢᠭᠰᠠᠨ ᠤᠳᠠᠭ᠎ᠠ ᠄ 835    ᠨᠡᠶᠢᠳᠡᠯᠡᠭᠰᠡᠨ ᠴᠠᠭ ᠄ 2016-03-31

      ᠦ‍ · ᠨᠠᠴᠤᠭᠳᠣᠷᠵᠢ ᠂ 1953 ᠣᠨ ᠳ᠋ᠤ ᠬᠥᠯᠥᠨ ᠪᠣᠶᠢᠷ ᠠᠶᠢᠮᠠᠭ ‍ᠤᠨ ᠰᠢᠨ᠎ᠡ ᠪᠠᠷᠭᠤ ᠵᠡᠭᠦᠨ ᠬᠣᠰᠢᠭᠤᠨ ‍ᠤ ᠰᠢᠨ᠎ᠡ ᠪᠤᠯᠠᠭ ᠰᠤᠮᠤ ᠶ᠋ᠢᠨ ᠡᠭᠡᠯ ᠵᠢᠷ ‍ᠤᠨ ᠨᠢᠭᠡᠨ ᠮᠠᠯᠴᠢᠨ ‍ᠤ ᠭᠡᠷ ᠲᠤ ᠲᠥᠷᠥᠪᠡ ᠃ 13 ᠨᠠᠰᠤᠲᠠᠢ ᠳ᠋ᠤ ᠪᠠᠨ ᠬᠥᠯᠥᠨ ᠪᠣᠶᠢᠷ ᠠᠶᠢᠮᠠᠭ ‍ᠤᠨ ᠦᠨᠳᠦᠰᠦᠲᠡᠨ ‍ᠤ ᠳᠠᠭᠤᠤ ᠪᠥᠵᠢᠭ ‍ᠤᠨ ᠪᠦᠯᠬᠦᠮ ᠳ᠋ᠤ ᠰᠢᠯᠭᠠᠨ ᠣᠷᠣᠵᠤ ᠂ ᠠᠵᠢᠯᠯᠠᠬᠤ ᠶ᠋ᠢᠨ ᠳᠠᠭᠠᠤ ᠮᠣᠩᠭᠣᠯ ᠤᠷᠲᠤ ᠶ᠋ᠢᠨ ᠳᠠᠭᠤᠤ ᠶ᠋ᠢᠨ ᠶᠡᠬᠡ ᠪᠠᠭᠰᠢ ᠵᠠᠭᠤᠨᠠᠰᠤᠲᠤ ᠳ᠋ᠤ ᠱᠠᠪᠢᠯᠠᠨ ᠳᠠᠭᠤᠯᠠᠬᠤ ᠮᠡᠷᠭᠡᠵᠢᠯ ᠰᠤᠷᠴᠠᠢ ᠃
      ᠲᠥᠷᠥᠯᠬᠢ ᠤᠷ᠎ᠠ ᠠᠪᠢᠶᠠᠰ ᠂ ᠠᠪᠬᠠᠯᠵᠢ ᠰᠠᠶᠢᠲᠠᠢ ᠶ᠋ᠢᠨ ᠤᠴᠢᠷ ᠂ ᠡᠷᠳᠡᠮᠲᠦ ᠪᠠᠭᠰᠢ ᠶ᠋ᠢᠨ ᠵᠢᠯᠤᠭᠤᠳᠤᠯᠭ᠎ᠠ ᠂ ᠥᠪᠡᠷ ᠪᠡᠶ᠎ᠡ ᠶ᠋ᠢᠨ ᠴᠢᠷᠮᠠᠶᠢᠯᠭ᠎ᠠ ᠪᠠᠶᠢᠭᠰᠠᠨ ‍ᠤ ᠤᠴᠢᠷ ᠬᠤᠵᠢᠮ ᠨᠢ ᠲᠡᠷᠡ ᠨᠡᠷ᠎ᠡ ᠨᠢᠲᠡᠷ ᠲᠤ ᠪᠠᠨ ᠲᠡᠩᠴᠡᠭᠰᠡᠨ ᠠᠯᠳᠠᠷᠲᠤ ᠤᠷᠲᠤ ᠶ᠋ᠢᠨ ᠳᠠᠭᠤᠴᠢᠨ ᠪᠣᠯᠣᠨ ᠬᠥᠮᠥᠵᠢᠭᠳᠡᠵᠦ ᠪᠢᠯᠡ ᠃ 1980 ᠣᠨ ᠳ᠋ᠤ ᠪᠦᠬᠦ ᠤᠯᠤᠰ ‍ᠤᠨ ᠴᠥᠬᠡᠨ ᠲᠣᠭᠠᠲᠤ ᠦᠨᠳᠦᠰᠦᠲᠡᠨ ᠤ ᠤᠷᠠᠨ ᠰᠠᠶᠢᠬᠠᠨ ‍ᠤ ᠬᠠᠷᠢᠭᠤ ᠮᠡᠳᠡᠭᠦᠯᠦᠯᠲᠡ ᠶ᠋ᠢᠨ ᠲᠣᠭᠯᠠᠯᠲᠠ ᠳ᠋ᠤ ᠣᠷᠣᠯᠴᠠᠨ ᠂ ᠣᠨᠴᠠ ᠳᠡᠰ ‍ᠤᠨ ᠱᠠᠩᠨᠠᠯ ᠬᠦᠷᠲᠡᠭᠰᠡᠨ ‍ᠤ ᠬᠠᠮᠲᠤ ᠮᠥᠨ ᠵᠢᠯ ᠪᠦᠬᠦ ᠣᠷᠣᠨ ‍ᠤ ᠵᠠᠯᠠᠭᠤ ᠳᠠᠭᠤᠴᠢᠳ ‍ᠤᠨ ᠶᠡᠬᠡ ᠱᠠᠩᠨᠠᠯᠲᠤ ᠤᠷᠤᠯᠳᠤᠭᠠᠨ ᠳ᠋ᠤ ᠨᠢᠭᠡᠳᠦᠭᠡᠷ ᠳᠡᠰ ‍ᠤᠨ ᠱᠠᠩᠨᠠᠯ ᠢᠶᠠᠷ ᠡᠩᠭᠡᠷ ᠢᠶᠡᠨ ᠮᠢᠯᠢᠶᠠᠯᠭᠠᠵᠠᠢ ᠃ ᠮᠥᠨ ᠪᠦᠬᠦ ᠤᠯᠤᠰ ‍ᠤᠨ ᠵᠠᠯᠠᠭᠤ ᠳᠠᠭᠤᠴᠢᠳ ‍ᠤᠨ ᠲᠸᠯᠸᠢᠰ ᠱᠠᠩᠨᠠᠯᠲᠤ ᠤᠷᠤᠯᠳᠤᠭᠠᠨ ᠳ᠋ᠤ ᠨᠢᠭᠡᠳᠦᠭᠡᠷ ᠳᠡᠰ ‍ᠤᠨ ᠱᠠᠩᠨᠠᠯ ᠭᠠᠷᠳᠠᠭᠰᠠᠨ ᠪᠠᠶᠢᠨ᠎ᠠ ᠃
                                      ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄