ᠴᠡᠬᠡᠵᠢᠯᠡᠬᠦ ᠴᠢᠳᠠᠪᠤᠷᠢ ᠵᠢ ᠲᠡᠬᠡᠭᠰᠢᠯᠡᠬᠦᠯᠬᠦ 7 ᠵᠤᠶᠢᠯ ‍ᠤᠨ ᠢᠳᠡᠬᠡᠨ

ᠤᠩᠰᠢᠭᠰᠠᠨ ᠤᠳᠠᠭ᠎ᠠ ᠄ 784    ᠨᠡᠶᠢᠳᠡᠯᠡᠭᠰᠡᠨ ᠴᠠᠭ ᠄ 2016-03-29

     ᠤᠷᠢᠶᠠᠮᠡᠯ ᠭᠤᠤᠯ ᠲᠠᠢ ᠨᠤᠭᠤᠭ᠎ᠠ ᠄ ᠤᠷᠢᠶᠠᠮᠡᠯ ᠭᠤᠤᠯ ᠲᠠᠢ ᠨᠤᠭᠤᠭᠠᠨ ᠳ᠋ᠤ ᠸᠢᠲ᠋ᠠᠮᠢᠨ B ᠡᠯᠪᠡᠭ ᠠᠭᠤᠯᠤᠭᠳᠠᠵᠤ ᠪᠠᠶᠢᠬᠤ ᠪᠦᠬᠡᠳ ᠶᠡᠬᠡ ᠲᠠᠷᠢᠬᠢᠨ ᠤ ᠶᠠᠳᠠᠷᠠᠯ ‍ᠢ ᠲᠠᠶᠢᠯᠵᠦ ᠴᠡᠬᠡᠵᠢᠯᠡᠬᠦ ᠴᠢᠳᠠᠪᠤᠷᠢ ᠵᠢ ᠲᠡᠬᠡᠭᠰᠢᠯᠡᠬᠦᠯᠬᠦ ᠤᠶᠢᠯᠡᠳᠤᠯ ᠲᠠᠢ ᠃       
     ᠰᠢᠷ᠎ᠠ ᠪᠤᠷᠴᠠᠭ ᠄ ᠰᠢᠷ᠎ᠠ ᠪᠤᠷᠴᠠᠭ ᠲᠤ ᠤᠭᠤᠷᠠᠭ ᠡᠳ᠋ ᠪᠤᠯᠤᠨ ᠦᠳᠡᠬᠡᠨ ᠤ ᠰᠢᠷ᠎ᠠ ᠡᠳ᠋ ᠡᠯᠪᠡᠭ ᠠᠭᠤᠯᠤᠭᠳᠠᠵᠤ ᠪᠠᠶᠢᠬᠤ ᠪᠤᠯᠬᠤᠷ ᠡᠳᠤᠷ ᠪᠤᠯᠭᠠᠨ ᠨᠢᠭᠡ ᠬᠡᠮᠵᠢᠶᠡᠨ ᠤ ᠰᠢᠷ᠎ᠠ ᠪᠤᠷᠴᠠᠭ ‍ᠤᠨ ᠵᠤᠶᠢᠯ ‍ᠢ ᠢᠳᠡᠪᠡᠯ ᠴᠡᠬᠡᠵᠢᠯᠡᠬᠦ ᠴᠢᠳᠠᠪᠤᠷᠢ ᠵᠢ ᠲᠡᠬᠡᠭᠰᠢᠯᠡᠬᠦᠯᠬᠦ ᠪᠤᠯᠤᠨ᠎ᠡ ᠃   
     ᠦᠨᠢᠶᠡᠨ ᠰᠦ ᠄ ᠦᠨᠢᠶᠡᠨ ᠰᠦᠨ ᠳ᠋ᠤ ᠤᠭᠤᠷᠠᠭ ᠪᠤᠯᠤᠨ ᠺᠠᠯᠽ ᠡᠯᠪᠡᠭ ᠠᠭᠤᠯᠤᠭᠳᠠᠵᠤ ᠂ ᠶᠡᠬᠡ ᠲᠠᠷᠢᠬᠢᠨ ᠳ᠋ᠤ ᠬᠡᠷᠡᠭᠰᠡᠬᠦ ᠡᠯ᠎ᠠ ᠵᠤᠶᠢᠯ ‍ᠤᠨ ᠰᠢᠪᠳᠤᠷᠳᠤ ᠬᠦᠴᠢᠯ ᠬᠠᠩᠭᠠᠬᠤ ᠪᠤᠯᠬᠤᠷ ᠡᠳᠤᠷ ᠪᠤᠯᠭᠠᠨ ᠦᠨᠢᠶᠡᠨ ᠰᠦ ᠤᠭᠤᠤᠪᠡᠯ ᠶᠡᠬᠡ ᠲᠠᠷᠢᠬᠢᠨ ᠤ ᠢᠳᠡᠪᠬᠢ ᠬᠦᠴᠤᠨ ‍ᠢ ᠨᠡᠮᠡᠭᠳᠡᠬᠦᠯᠤᠨ᠎ᠡ ᠃     
     ᠵᠢᠭᠠᠰᠤ ᠄ ᠠᠮᠢᠳᠤ ᠵᠢᠭᠠᠰᠤᠨ ᠳ᠋ᠤ ᠤᠭᠤᠷᠠᠭ ᠡᠳ᠋ ᠪᠤᠯᠤᠨ ᠺᠠᠯᠽ ᠡᠯᠪᠡᠭ ᠠᠭᠤᠯᠤᠭᠳᠠᠵᠤ ᠂  ᠤᠨᠴᠠᠭᠠᠶᠢᠯᠠᠨ ᠱᠠᠩᠳᠠᠭᠤᠨ ᠪᠤᠰᠤ ᠦᠬᠡᠬᠦᠨ ᠬᠦᠴᠢᠯ ᠠᠭᠤᠯᠤᠭᠳᠠᠵᠤ ᠪᠠᠶᠢᠬᠤ ᠪᠤᠯᠬᠤᠷ ᠺᠤᠯᠸᠰᠲ᠋ᠸᠷᠤᠯ ‍ᠢ ᠢᠯᠭᠠᠷᠠᠭᠤᠯᠬᠤ ᠪᠤᠯᠤᠨ᠎ᠡ ᠃       
     ᠦᠨᠳᠡᠬᠡᠨ ᠰᠢᠷ᠎ᠠ ᠄ ᠦᠨᠳᠡᠬᠡᠨ ᠰᠢᠷ᠎ᠠ ᠶ᠋ᠢᠨ ᠲᠤᠳᠤᠷ᠎ᠠ ᠦᠳᠡᠬᠡᠨ ᠤ ᠰᠢᠷ᠎ᠠ ᠡᠳ᠋ ᠂ ᠺᠠᠯᠽ ᠵᠡᠷᠬᠡ ᠲᠠᠷᠢᠬᠢᠨ ᠤ ᠡᠰ ‍ᠤᠨ ᠬᠡᠷᠡᠭᠰᠡᠬᠦ ᠰᠢᠮ᠎ᠡ ᠲᠡᠵᠢᠬᠡᠯ ‍ᠤᠨ ᠡᠳ᠋ ᠠᠭᠤᠯᠤᠭᠳᠠᠵᠤ ᠪᠠᠶᠢᠬᠤ ᠪᠤᠯᠬᠤᠷ ᠶᠡᠬᠡ ᠲᠠᠷᠢᠬᠢᠨ ᠤ ᠢᠳᠡᠪᠬᠢ ᠬᠦᠴᠤᠨ ‍ᠢ ᠨᠡᠮᠡᠭᠳᠡᠬᠦᠯᠤᠨ᠎ᠡ ᠃      
     ᠲᠡᠯᠳᠡᠤ ᠄ ᠲᠡᠯᠳᠡᠤ ᠲᠤᠳᠤᠷ᠎ᠠ ᠤᠭᠤᠷᠠᠭ ᠂ ᠦᠬᠡᠬᠦ ᠂ ᠰᠢᠬᠢᠷ ᠂ ᠡᠷᠤᠳᠡᠰᠤ ᠪᠤᠳᠠᠰ ᠂ ᠸᠢᠲ᠋ᠠᠮᠢᠨ ᠵᠡᠷᠬᠡ ᠤᠯᠠᠨ ᠵᠤᠶᠢᠯ ‍ᠤᠨ ᠰᠢᠮ᠎ᠡ ᠲᠡᠵᠢᠬᠡᠯ ‍ᠤᠨ ᠪᠦᠷᠢᠯᠳᠤᠬᠦᠨ ᠠᠭᠤᠯᠤᠭᠳᠠᠵᠤ ᠪᠠᠶᠢᠬᠤ ᠪᠤᠯᠬᠤᠷ ᠶᠡᠬᠡ ᠲᠡᠷᠢᠬᠢ ᠵᠢ ᠨᠦᠬᠦᠬᠦ ᠰᠠᠶᠢᠨ ᠢᠳᠡᠬᠡᠨ ᠪᠤᠯᠤᠨ᠎ᠡ ᠃ 

     ᠬᠦᠢᠯᠡᠰᠤ ᠄ ᠬᠦᠢᠯᠡᠰᠤᠨ ᠴᠦᠮ᠎ᠡ ᠳ᠋ᠤ ᠸᠢᠲ᠋ᠠᠮᠢᠨ A ᠪᠠ C ᠡᠯᠪᠡᠭ ᠪᠠᠶᠢᠵᠦ ᠂ ᠴᠢᠰᠤᠨ ᠤ ᠡᠷᠬᠢᠯᠳᠡ ᠵᠢ ᠪᠦᠳᠦᠮᠵᠢᠲᠡᠢ ᠰᠠᠶᠢᠵᠢᠷᠠᠭᠤᠯᠵᠤ ᠂ ᠲᠡᠷᠢᠬᠢᠨ ᠤ ᠴᠢᠰᠤ ᠶ᠋ᠢ ᠬᠦᠢᠴᠡᠳ ᠬᠠᠩᠭᠠᠵᠦ ᠂ ᠴᠡᠬᠡᠵᠢᠯᠡᠬᠦ ᠴᠢᠳᠠᠪᠤᠷᠢ ᠵᠢ ᠲᠡᠬᠡᠭᠰᠢᠯᠡᠬᠦᠯᠬᠦ  ᠳ᠋ᠤ ᠠᠰᠢᠭᠳᠠᠢ ᠃

 

                                                   

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄