ᠲᠠᠯ᠎ᠠ ᠨᠤᠳᠤᠭ ᠤᠨ ᠬᠤᠯᠤᠭᠠᠨ᠎ᠠ ᠴᠡᠷᠴᠠᠬᠠᠢ ᠵᠢᠨ ᠭᠠᠮᠰᠢᠭ ᠲᠤᠮᠳᠠ ᠵᠡᠷᠬᠡ ᠡᠴᠡ ᠪᠠᠭ᠎ᠠ ᠬᠦᠨᠳᠦ ᠪᠤᠯᠬᠤ ᠬᠠᠨᠳᠤᠰᠢ ᠲᠠᠢ ᠪᠠᠶᠢᠨ᠎ᠠ

ᠤᠩᠰᠢᠭᠰᠠᠨ ᠤᠳᠠᠭ᠎ᠠ ᠄ 842    ᠨᠡᠶᠢᠳᠡᠯᠡᠭᠰᠡᠨ ᠴᠠᠭ ᠄ 2016-03-25

     ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠬᠦᠳᠡᠬᠡ ᠠᠵᠤ ᠠᠬᠤᠢ ᠵᠢᠨ ᠲᠢᠩᠬᠢᠮ ᠡᠴᠡ ᠤᠶᠢᠯᠠᠭᠠᠭᠰᠠᠨ ᠢᠶᠠᠷ᠂ ᠪᠦᠬᠦ ᠤᠷᠤᠨ ᠤ ᠲᠠᠯ᠎ᠠ ᠨᠤᠳᠤᠭ ᠤᠨ ᠬᠤᠯᠤᠭᠠᠨ᠎ᠠ ᠴᠠᠷᠴᠠᠬᠠᠢ ᠵᠢᠨ ᠭᠠᠮᠰᠢᠭ ‍ᠢ ᠬᠢᠨᠡᠨ ᠬᠡᠮᠵᠢᠵᠤ ᠤᠷᠢᠳᠴᠢᠯᠠᠨ ᠰᠡᠷᠬᠡᠶᠢᠯᠡᠬᠦ ᠰᠢᠰᠲ᠋ᠸᠮ ᠤᠨ ᠬᠢᠨᠡᠨ ᠬᠡᠮᠵᠢᠭᠰᠡᠨ ᠦᠷ᠎ᠠ ᠳ᠋ᠦᠩ ‍ᠢ ᠵᠠᠳᠠᠯᠤᠨ ᠨᠢᠭᠳᠠᠯᠠᠭᠰᠠᠨ ᠡᠴᠡ ᠦᠵᠡᠪᠡᠯ᠂ ᠡᠨᠡ ᠵᠢᠯ ᠦᠪᠦᠷ ᠮᠤᠩᠭᠤᠯ ᠤᠨ ᠲᠠᠯ᠎ᠠ ᠨᠤᠳᠤᠭ ᠤᠨ ᠬᠤᠯᠤᠭᠠᠨ᠎ᠠ ᠴᠡᠷᠴᠠᠬᠠᠢ ᠵᠢᠨ ᠭᠠᠮᠰᠢᠭ ᠲᠤᠮᠳᠠ ᠵᠡᠷᠬᠡ ᠡᠴᠡ ᠪᠠᠭ᠎ᠠ ᠬᠦᠨᠳᠦ ᠪᠤᠯᠬᠤ ᠬᠠᠨᠳᠤᠰᠢ ᠲᠠᠢ᠂ ᠭᠠᠮᠰᠢᠭ ᠲᠤ ᠦᠷᠳᠦᠬᠦ ᠲᠠᠯᠠᠪᠠᠢ ᠨᠢ ᠨᠢᠳᠤᠨᠤᠨ ᠤ ᠬᠢ ᠲᠠᠢ ᠶᠡᠬᠡ ᠲᠦᠯᠦᠪ ᠠᠳᠠᠯᠢ᠂ ᠶᠡᠷᠦᠩᠬᠡᠢ ᠳ᠋ᠡᠭᠡᠨ ᠡᠵᠡᠮᠳᠡᠵᠤ ᠪᠤᠯᠬᠤ ᠪᠠᠶᠢᠳᠠᠯ ᠲᠠᠢ᠂ ᠵᠠᠷᠢᠮ ᠭᠡᠰᠡᠭ ᠭᠠᠵᠠᠷ ᠤᠨ ᠠᠶᠤᠯ ᠭᠠᠮᠰᠢᠭ ᠬᠦᠨᠳᠦᠷᠡᠬᠦ ᠪᠤᠯᠤᠯᠴᠠᠭ᠎ᠠ ᠲᠠᠢ᠃ ᠲᠦᠰᠦᠭᠡᠯᠡᠬᠦ ᠪᠡᠷ᠂ ᠲᠠᠯ᠎ᠠ ᠨᠤᠳᠤᠭ ᠤᠨ ᠬᠤᠯᠤᠭᠠᠨ᠎ᠠ ᠵᠢᠨ ᠠᠶᠤᠯ ᠳ᠋ᠤ ᠦᠷᠳᠦᠬᠦ ᠲᠠᠯᠠᠪᠠᠢ ᠪᠠᠷᠤᠭ 6500 ᠲᠦᠮᠡᠨ ᠮᠦ ᠳ᠋ᠤ ᠬᠦᠷᠴᠦ᠂ ᠬᠤᠷᠤᠬᠠᠢ ᠵᠢᠨ ᠭᠠᠮᠰᠢᠭ ᠲᠤ ᠦᠷᠳᠦᠬᠦ ᠲᠠᠯᠠᠪᠠᠢ ᠪᠠᠷᠤᠭ 7000 ᠲᠦᠮᠡᠨ ᠮᠦ ᠳ᠋ᠤ ᠬᠦᠷᠦᠨ᠎ᠡ᠃ ᠤᠳᠤᠬᠠᠨ ᠳ᠋ᠤ ᠦᠪᠦᠷ ᠮᠤᠩᠭᠤᠯ ᠤᠷᠤᠨ ᠲᠠᠯ᠎ᠠ ᠨᠤᠳᠤᠭ ᠤᠨ ᠴᠠᠷᠴᠠᠬᠠᠢ ᠵᠢᠨ ᠭᠠᠮᠰᠢᠭ ‍ᠢ ᠰᠡᠷᠬᠡᠶᠢᠯᠡᠨ ᠵᠠᠰᠠᠬᠤ ᠨᠦᠬᠦᠪᠦᠷᠢ ᠪᠤᠶᠤ ᠰᠦᠢᠳᠬᠡᠯ ᠨᠡᠶᠢᠳᠡ 340 ᠲᠦᠮᠡᠨ ᠲᠦᠬᠦᠷᠢᠭ᠂ ᠲᠠᠯ᠎ᠠ ᠨᠤᠳᠤᠭ ᠤᠨ ᠬᠤᠯᠤᠭᠠᠨ᠎ᠠ ᠵᠢᠨ ᠭᠠᠮᠰᠢᠭ ‍ᠢ ᠰᠡᠷᠬᠡᠶᠢᠯᠡᠨ ᠵᠠᠰᠠᠬᠤ ᠨᠦᠬᠦᠪᠦᠷᠢ ᠪᠤᠶᠤ ᠰᠦᠢᠳᠬᠡᠯ ᠨᠡᠶᠢᠳᠡ 200 ᠲᠦᠮᠡᠨ ᠲᠦᠬᠦᠷᠢᠭ ‍ᠢ ᠨᠢᠬᠡᠨᠳᠡ ᠪᠠᠭᠤᠯᠭᠠᠭᠰᠠᠨ ᠪᠦᠬᠡᠳ ᠲᠦᠪ ᠡᠴᠡ ᠦᠪᠦᠷ ᠮᠤᠩᠭᠤᠯ ᠳ᠋ᠤ ᠪᠠᠭᠤᠯᠭᠠᠭᠰᠠᠨ ᠲᠠᠯ᠎ᠠ ᠨᠤᠳᠤᠭ ᠤᠨ ᠬᠤᠯᠤᠭᠠᠨ᠎ᠠ ᠴᠠᠷᠴᠠᠬᠠᠢ ᠵᠢᠨ ᠭᠠᠮᠰᠢᠭ ‍ᠢ ᠰᠡᠷᠬᠡᠶᠢᠯᠡᠨ ᠵᠠᠰᠠᠬᠤ 4300 ᠲᠦᠮᠡᠨ ᠲᠦᠬᠦᠷᠢᠭ ᠤᠨ ᠨᠦᠬᠦᠪᠦᠷᠢ ᠵᠢᠨ ᠮᠦᠩᠬᠦ ᠴᠦ ᠤᠶᠢᠷ᠎ᠠ ᠵᠢᠨ ᠡᠳᠦᠷ ᠡᠯ᠎ᠡ ᠠᠶᠢᠮᠠᠭ ᠬᠤᠳᠠ ᠳ᠋ᠤ ᠬᠦᠷᠬᠦ ᠪᠤᠯᠤᠨ᠎ᠠ᠃

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ