ᠠᠯᠳᠠᠷᠲᠤ ᠠᠷᠠᠳ ᠤᠨ ᠤᠷᠠᠯᠢᠭᠴᠢᠨ ᠮᠸᠳᠡᠭ

ᠤᠩᠰᠢᠭᠰᠠᠨ ᠤᠳᠠᠭ᠎ᠠ ᠄ 762    ᠨᠡᠶᠢᠳᠡᠯᠡᠭᠰᠡᠨ ᠴᠠᠭ ᠄ 2016-03-23

      ᠮᠸᠳᠡᠭ ᠂ ᠦᠵᠦᠮᠦᠴᠢᠨ ᠤᠷᠲᠤ ᠶ᠋ᠢᠨ ᠳᠠᠭᠤᠤ ᠶ᠋ᠢ ᠤᠷᠠᠯᠢᠭ ‍ᠤᠨ ᠲᠠᠶᠢᠰᠠᠨ᠎ᠠ ᠬᠠᠮᠤᠭ ᠲᠦᠷᠦᠭᠦᠦ ᠳᠠᠭᠤᠯᠠᠭᠰᠠᠨ ᠠᠬᠠᠮᠠᠳ ᠠᠷᠠᠳ ‍ᠤᠨ ᠤᠷᠠᠯᠢᠭᠴᠢᠨ ᠂ 1932 ᠣᠨ ᠳ᠋ᠤ ᠤᠤᠯ ‍ᠤᠨ ᠦᠵᠦᠮᠦᠴᠢᠨ ᠪᠠᠷᠠᠭᠤᠨ ᠬᠣᠰᠢᠭᠤᠨ ‍ᠤ ᠬᠣᠭᠣᠯᠠᠲᠤ ᠶ᠋ᠢᠨ ᠭᠣᠣᠯ ᠢᠶᠠᠷ ᠨᠤᠲᠤᠭᠯᠠᠭᠰᠠᠨ ᠪᠠᠭᠠᠷᠢᠨ ᠳᠡᠭᠡᠳᠦᠰ ᠲᠠᠢ ᠮᠠᠯᠴᠢᠨ ᠵᠠᠶᠠᠭᠠᠲᠠᠢ ᠪᠣᠯᠣᠨ ᠬᠦᠦᠳᠡᠭᠦᠲᠦ ᠶ᠋ᠢᠨ ᠣᠳᠬᠣᠨ ᠦᠬᠢᠨ ᠨᠢ ᠪᠣᠯᠵᠤ ᠵᠠᠶᠠᠭᠠᠵᠠᠢ ᠃
      1949 ᠣᠨ ᠳ᠋ᠤ ᠰᠢᠯᠢ ᠶ᠋ᠢᠨ ᠭᠣᠣᠯ ᠠᠶᠢᠮᠠᠭ ‍ᠤᠨ ᠺᠠᠲᠷ ‍ᠤᠨ ᠰᠤᠷᠭᠠᠭᠤᠯᠢ ᠳ᠋ᠤ ᠰᠤᠷᠤᠯᠴᠠᠵᠤ ᠪᠠᠶᠢᠬᠤ ᠳ᠋ᠠᠭᠠᠨ ᠥᠪᠡᠷ ‍ᠤᠨ ᠲᠦᠷᠦᠯᠬᠢ ᠠᠪᠢᠶᠠᠰ ᠪᠢᠯᠢᠭ ᠬᠢᠭᠡᠳ ᠦᠨᠳᠦᠰᠦᠲᠡᠨ ‍ᠤ ᠰᠣᠳᠣᠨ ᠤᠷᠠᠯᠢᠭ ᠂ ᠦᠵᠦᠮᠦᠴᠢᠨ ᠠᠷᠠᠳ ‍ᠤᠨ ᠤᠷᠲᠤ ᠶ᠋ᠢᠨ ᠳᠠᠭᠤᠤ ᠪᠠᠷ ᠢᠶᠡᠨ ᠬᠥᠮᠥᠨ ᠨᠡᠶᠢᠭᠡᠮ ᠳ᠋ᠤ ᠲᠠᠨᠢᠭᠳᠠᠨ ᠮᠡᠳᠡᠷᠡᠭᠳᠡᠵᠦ ᠂ ᠰᠸᠷᠠᠰᠢ ᠂ ᠮᠸᠯᠴᠢᠭ ᠨᠠᠷ ‍ᠤᠨ ᠰᠣᠩᠭᠣᠯᠲᠠ ᠪᠠᠷ ᠥᠪᠥᠷ ᠮᠣᠩᠭᠣᠯ ‍ᠤᠨ ᠤᠷᠠᠨ ᠰᠠᠶᠢᠬᠠᠨ ‍ᠤ ᠪᠦᠯᠬᠦᠮ ᠳ᠋ᠤ ᠤᠷᠲᠤ ᠶ᠋ᠢᠨ ᠳᠠᠭᠤᠴᠢᠨ ᠢᠶᠠᠷ ᠡᠯᠰᠡᠭᠳᠡᠭᠰᠡᠨ ᠡᠴᠠ ᠪᠠᠨ ᠠᠪᠤᠭᠠᠳ ᠤᠯᠤᠰ ‍ᠤᠨ ᠳᠣᠲᠣᠭᠠᠳᠤ ᠭᠠᠳᠠᠭᠠᠳᠤ ᠳ᠋ᠤ ᠲᠣᠭᠣᠷᠢᠨ ᠲᠣᠭᠯᠠᠵᠤ ᠂ ᠦᠵᠦᠮᠦᠴᠢᠨ ᠠᠷᠠᠳᠤᠨ ᠤᠷᠲᠤ ᠶ᠋ᠢᠨ ᠳᠠᠭᠤᠤ ᠪᠠᠨ ᠡᠩ ᠳᠡᠯᠡᠬᠡᠢ ᠶ᠋ᠢᠨ ᠬᠥᠮᠥᠨ ᠠᠷᠠᠳ ‍ᠤᠨ ᠰᠣᠨᠣᠷ ᠲᠤ ᠳᠡᠪᠰᠢᠭᠦᠯᠦᠭᠰᠡᠨ ᠪᠢᠯᠡ ᠃ 1952 ᠣᠨ ᠳ᠋ᠤ ᠤᠯᠠᠭᠠᠨᠬᠦᠦ ᠨᠥᠬᠥᠷ ‍ᠤᠨ ᠳᠠᠭᠠᠭᠤᠯᠤᠭᠰᠠᠨ ᠥᠪᠥᠷ ᠮᠣᠩᠭᠣᠯ ‍ᠤᠨ ᠳᠠᠭᠤᠤ ᠬᠥᠭᠵᠢᠮ ᠂ ᠪᠥᠵᠢᠭ ᠵᠦᠴᠦᠭᠡ ᠶ᠋ᠢᠨ ᠲᠣᠮᠣ ᠬᠠᠮᠲᠤᠯᠢᠭ ‍ᠤᠨ ᠪᠦᠷᠢᠯᠳᠦᠭᠦᠨ ᠢᠶᠠᠷ ᠮᠣᠩᠭᠣᠯ ᠤᠯᠤᠰ ᠲᠤ ᠠᠶᠢᠯᠴᠢᠯᠠᠨ ᠲᠣᠭᠯᠠᠵᠤ ᠂ ᠤᠯᠤᠰ ‍ᠤᠨ ᠲᠥᠪ ᠲᠢᠶᠠᠲ᠋ᠷ ᠲᠤ ᠦᠵᠦᠮᠦᠴᠢᠨ ᠠᠷᠠᠳ ‍ᠤᠨ ᠤᠷᠲᠤ ᠶ᠋ᠢᠨ ᠳᠠᠭᠤᠤ ᠪᠠᠨ ᠳᠠᠭᠤᠯᠠᠵᠤ ᠂ ᠴᠢᠳᠠᠨᠪᠠᠯ ᠳᠠᠷᠤᠭ᠎ᠠ ᠶ᠋ᠢᠨ ᠠᠭᠤᠯᠵᠠᠯᠲᠠ ᠶ᠋ᠢ ᠬᠦᠯᠢᠶᠡᠪᠡ ᠃ 1954 ᠣᠨ ᠳ᠋ᠤ ᠨᠡᠶᠢᠰᠯᠡᠯ ᠪᠡᠭᠡᠵᠢᠩ ᠳ᠋ᠤ  ᠣᠴᠢᠵᠤ ᠮᠠᠦ ᠲᠡᠷᠢᠭᠦᠯᠡᠭᠴᠢ ᠵᠡᠷᠭᠡ ᠨᠠᠮ ᠲᠥᠷᠥ ᠶ᠋ᠢᠨ ᠤᠳᠤᠷᠢᠭᠳᠤᠭᠴᠢᠳ ᠲᠤ ᠢᠷᠠᠭᠤ ᠲᠣᠭᠯᠠᠯᠲᠠ ᠪᠠᠨ ᠰᠣᠨᠢᠷᠬᠠᠭᠤᠯᠪᠠ ᠃ ᠮᠥᠨ ᠣᠨ ᠳ᠋ᠤ ᠬᠥᠬᠡᠬᠣᠲᠠ ᠳ᠋ᠤ ᠶᠠᠪᠤᠭᠳᠠᠭᠰᠠᠨ ᠪᠦᠬᠦ ᠣᠷᠣᠨ ‍ᠤ ᠵᠠᠯᠠᠭᠤ ᠳᠠᠭᠤᠴᠢᠳ ‍ᠤᠨ ᠤᠷᠤᠯᠳᠤᠭᠠᠨ ᠳ᠋ᠤ ᠣᠷᠣᠯᠴᠠᠭᠠᠳ ᠮᠥᠩᠭᠥᠨ ᠮᠸᠳᠠᠯ ᠭᠠᠷᠳᠠᠪᠠ ᠃
      1956 ᠣᠨ ᠳ᠋ᠤ ᠮᠠᠷᠱᠠᠯ ᠴᠸᠨ ᠢ ᠪᠣᠯᠣᠨ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠣᠷᠣᠨ ‍ᠤ ᠸᠠᠩ ᠽᠠᠢ ᠲᠢᠶᠠᠨ ᠳᠡᠳ᠋ ᠲᠡᠷᠢᠭᠦᠯᠡᠭᠴᠢ ᠲᠠᠢ ᠬᠠᠮᠲᠤ ᠲᠥᠪ ᠡᠴᠠ ᠵᠣᠬᠢᠶᠠᠨ ᠪᠠᠶᠢᠭᠤᠯᠤᠭᠰᠠᠨ ᠴᠥᠬᠡᠨ ᠲᠣᠭᠠᠲᠤ ᠦᠨᠳᠦᠰᠦᠲᠡᠨ ‍ᠤ ᠲᠣᠭᠣᠷᠢᠨ ᠲᠣᠭᠯᠠᠬᠤ ᠪᠦᠯᠬᠦᠮ ᠦᠨ ᠭᠡᠰᠢᠭᠦᠨ ᠪᠣᠯᠵᠤ ᠲᠥᠪᠡᠳ ‍ᠤᠨ ᠥᠪᠡᠷᠲᠡᠭᠡᠨ ᠵᠠᠰᠠᠬᠤ ᠣᠷᠣᠨ ᠢᠶᠠᠷ ᠬᠣᠶᠠᠷ ᠰᠠᠷ᠎ᠠ ᠭᠠᠷᠤᠢ ᠲᠣᠭᠣᠷᠢᠨ ᠲᠣᠭᠯᠠᠵᠤ ᠳᠠᠯᠠᠢ ᠂ ᠪᠠᠨᠴᠢᠨ ᠲᠠᠢ ᠪᠠᠷᠠᠭᠠᠳᠠᠪᠠ ᠃ ᠮᠥᠨ ᠣᠨ ᠳ᠋ᠤ ᠨᠡᠶᠢᠰᠯᠡᠯ ᠪᠡᠭᠡᠵᠢᠩ ᠳ᠋ᠤ ᠣᠴᠢᠵᠤ ᠂ ᠬᠠᠷᠢᠭᠤ ᠮᠡᠳᠡᠭᠦᠯᠦᠯᠲᠡ ᠶ᠋ᠢᠨ ᠲᠣᠭᠯᠠᠯᠲᠠ ᠭᠠᠷᠭᠠᠵᠤ ᠵᠸᠦ ᠡᠸᠨ ᠯᠠᠢ ᠶᠡᠷᠦᠩᠬᠢ ᠰᠠᠶᠢᠳ ᠵᠡᠷᠭᠡ ᠨᠠᠮ ᠲᠥᠷᠥ ᠶ᠋ᠢᠨ ᠤᠳᠤᠷᠢᠳᠤᠭᠴᠢᠳ ᠲᠠᠢ ᠠᠭᠤᠯᠵᠠᠪᠠ ᠃
      2001 ᠣᠨ ‍ᠤ 1 ᠰᠠᠷ᠎ᠠ ᠳ᠋ᠤ ᠰᠢᠶᠠᠩᠭᠠᠩ ᠤᠨ ᠤᠳᠬ᠎ᠠ ᠤᠷᠠᠯᠢᠭ ‍ᠤᠨ ᠬᠣᠯᠪᠣᠭᠠᠨ ᠡᠴᠠ ᠲᠡᠭᠦᠨ ‍ᠢ ᠲᠤᠰᠬᠠᠶᠢᠯᠠᠨ ᠤᠷᠢᠵᠤ《ᠢᠵᠠᠭᠤᠷ ᠤᠷᠠᠯᠢᠭ 》ᠤᠷᠲᠤ ᠶ᠋ᠢᠨ ᠳᠠᠭᠤᠤ ᠶ᠋ᠢᠨ ᠠᠯᠳᠠᠷᠲᠤ ᠳᠠᠭᠤᠴᠢᠨ ‍ᠤ ᠦᠨᠡᠮᠯᠡᠯ ᠣᠯᠭᠣᠪᠠ ᠃ 2004 ᠣᠨ ‍ᠤ ᠵᠤᠨ ᠲᠡᠭᠦᠨ ‍ᠤ ᠲᠥᠷᠥᠭᠰᠡᠨ ᠨᠤᠲᠤᠭ ᠪᠠᠷᠠᠭᠤᠨ ᠦᠵᠦᠮᠦᠴᠢᠨ ᠬᠣᠰᠢᠭᠤ 2048 ᠪᠥᠬᠡ ᠶ᠋ᠢᠨ ᠶᠡᠬᠡ ᠨᠠᠶᠢᠷ ᠲᠠᠭᠠᠨ ᠲᠤᠰᠬᠠᠶᠢᠯᠠᠨ ᠤᠷᠢᠵᠤ ᠂ ᠲᠡᠭᠦᠨ ‍ᠤ 73 ᠨᠠᠰᠤᠨ ‍ᠤ ᠪᠠᠶᠠᠷ ᠲᠤ ᠵᠣᠷᠢᠭᠤᠯᠤᠨ 《 ᠨᠣᠭᠣᠭᠠᠨ ᠲᠣᠷᠭ᠎ᠠ 》CD ᠹᠢᠯᠢᠮ ‍ᠢ ᠬᠢᠵᠦ ᠂ ᠰᠢᠯᠢᠩᠬᠣᠲᠠ ᠳ᠋ᠤ ᠰᠢᠨ᠎ᠡ ᠣᠷᠣᠨ ᠰᠠᠭᠤᠴᠠ ᠪᠡᠯᠡᠳᠬᠡᠵᠦ ᠥᠭᠬᠦ ᠪᠠᠷ ᠲᠣᠭᠲᠠᠵᠠᠢ ᠃ ᠮᠥᠨ ᠨᠠᠶᠢᠷ ᠲᠤ ᠮᠣᠩᠭᠣᠯ ᠤᠯᠤᠰ ‍ᠤᠨ ᠰᠣᠶᠣᠯ ‍ᠤᠨ ᠶᠠᠮᠤᠨ ᠡᠴᠠ《ᠠᠷᠠᠳ ‍ᠤᠨ ᠤᠷᠠᠯᠢᠭᠴᠢᠨ》ᠴᠣᠯᠠ ᠡᠷᠭᠦᠮᠵᠢᠯᠡᠵᠦ ᠂ ᠰᠣᠶᠣᠯ ᠤᠷᠠᠯᠢᠭ ‍ᠤᠨ ᠬᠠᠮᠤᠭ ‍ᠤᠨ ᠳᠡᠭᠡᠳᠦ ᠱᠠᠩᠨᠠᠯ ‍ᠤᠨ ᠮᠸᠳᠠᠯ ‍ᠢ ᠣᠯᠭᠣᠭᠰᠠᠨ ᠪᠠᠶᠢᠪᠠ ᠃

                           《 ᠦᠵᠦᠮᠦᠴᠢᠨ ᠤᠷᠠᠯᠢᠭᠴᠢᠨ 》ᠬᠡᠮᠡᠬᠦ ᠨᠣᠮ ᠡᠴᠠ
                            ᠨᠠᠪᠴᠢ ᠨᠠᠶᠢᠷᠠᠭᠤᠯᠤᠨ ᠨᠡᠶᠢᠲᠡᠯᠡᠪᠡ ᠃

 

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄