ᠬᠤᠷᠴᠢᠨ ᠨᠤᠲᠤᠭ ᠤᠨ ᠵᠠᠩ ᠳᠠᠳᠬᠠᠯ ᠭᠠᠯ ‍ᠢ ᠰᠢᠲᠦᠬᠦ ᠶᠤᠰᠤᠨ

ᠤᠩᠰᠢᠭᠰᠠᠨ ᠤᠳᠠᠭ᠎ᠠ ᠄ 945    ᠨᠡᠶᠢᠳᠡᠯᠡᠭᠰᠡᠨ ᠴᠠᠭ ᠄ 2016-03-23

       1. ᠭᠠᠯ ᠤᠨ ᠲᠡᠭᠡᠭᠦᠷ ᠠᠯᠬᠤᠵᠦ ᠪᠤᠯᠬᠤ ᠦᠭᠡᠢ ᠃ 
       2. ᠲᠤᠤᠷ᠎ᠠ ᠤᠨᠠᠭᠰᠠᠨ ᠭᠠᠯ ᠤᠨ ᠤᠴᠢ ᠵᠢ ᠬᠢᠰᠴᠤ ᠤᠨᠲᠠᠷᠭᠠᠵᠦ ᠪᠤᠯᠬᠤ ᠦᠭᠡᠢ ᠃
       3. ᠭᠠᠯ ᠲᠡᠭᠡᠷ᠎ᠡ ᠤᠰᠤ ᠰᠦ ᠮᠡᠲᠦ ᠶ᠋ᠢᠨ ᠰᠢᠩᠭᠡᠨ ᠶᠠᠭᠤᠮ᠎ᠠ ᠵᠢ ᠠᠰᠬᠠᠵᠦ ᠪᠤᠯᠬᠤ ᠦᠭᠡᠢ ᠃
       4. ᠭᠠᠯ ᠲᠡᠭᠡᠭᠦᠷ ᠤᠯᠠᠭᠠᠨ ᠪᠦᠰ ᠡᠷᠭᠢᠭᠦᠯᠵᠦ ᠪᠤᠯᠬᠤ ᠦᠭᠡᠢ ᠃
       5. ᠬᠤᠪᠤᠩ ᠲᠠᠢ ᠭᠠᠯ ‍ᠢ ᠲᠡᠮᠦᠷ ᠮᠤᠳᠤ ᠪᠠᠷ ᠴᠢᠴᠢᠯᠡᠵᠦ ᠪᠤᠯᠬᠤ ᠦᠭᠡᠢ ᠃ 
       6. ᠬᠤᠪᠤᠩ ᠲᠠᠢ ᠭᠠᠯ ‍ᠢ ᠬᠡᠵᠢᠶᠡᠲᠡ ᠬᠦᠷᠦᠩᠭᠡ ᠦᠭᠡᠢ ᠪᠤᠯᠲᠠᠯ᠎ᠠ ᠤᠨᠲᠠᠷᠭᠠᠵᠦ ᠪᠤᠯᠬᠤ ᠦᠭᠡᠢ ᠃ ᠬᠡᠷᠪᠡ ᠲᠠᠷᠠᠭ᠎ᠠ ᠦᠷᠯᠦᠭᠡ ᠨᠢ ᠪᠤᠯᠲᠠᠯ᠎ᠠ ᠤᠨᠲᠠᠷᠠᠬᠤ ᠪᠠᠶᠢᠳᠠᠯ ᠲᠠᠢ ᠪᠤᠯ ᠤᠨᠲᠠᠬᠤ ᠡᠴᠡ ᠪᠠᠨ ᠡᠮᠦᠨ᠎ᠡ ᠠᠷᠭᠠᠯ ᠪᠤᠯᠠᠵᠦ ᠲᠠᠯᠪᠢᠳᠠᠭ ᠃
       7. ᠰᠢᠨ᠎ᠡ ᠬᠦᠤ ᠪᠡᠷᠢ ᠬᠤᠷᠢᠮᠯᠠᠬᠤ ᠳ᠋ᠥ ᠪᠠᠨ ᠭᠠᠯ ᠳ᠋ᠥ ᠮᠦᠷᠭᠦᠬᠦ ᠬᠡᠷᠡᠭᠲᠡᠢ ᠃
       8. ᠭᠠᠯ ᠳ᠋ᠥ ᠭᠠᠯ ᠤᠨ ᠪᠤᠳᠠᠭ᠎ᠠ ᠡᠷᠭᠦᠬᠦ ᠳ᠋ᠥ ᠪᠠᠨ《 ᠭᠠᠯ ᠤᠨ ᠪᠤᠷᠬᠠᠨ ᠤᠮ ᠠ ᠬᠤᠩ 》ᠭᠡᠵᠦ ᠭᠤᠷᠪᠠᠨᠲᠠ ᠶᠠᠷᠢᠵᠦ ᠭᠤᠷᠪᠠᠨᠲᠠ ᠡᠷᠭᠦᠳᠡᠭ ᠃
       9. ᠰᠤᠩᠭᠢᠨ᠎ᠠ ᠰᠠᠷᠢᠮᠰᠠᠭ ᠤᠨ ᠬᠠᠯᠢᠰᠤ ᠵᠢ ᠭᠠᠯ ᠳ᠋ᠥ ᠤᠷᠤᠭᠤᠯᠪᠠᠯ ᠬᠠᠳᠠᠬᠢ ᠭᠠᠷᠤᠨ᠎ᠠ ᠭᠡᠳᠡᠭ ᠃
      10. ᠶᠡᠷᠦ ᠶ᠋ᠢᠨ ᠦᠶ᠎ᠡ ᠳ᠋ᠥ ᠭᠠᠯ ᠳ᠋ᠥ ᠪᠠᠨ ᠴᠢᠪᠠᠭ᠎ᠠ ᠡᠷᠭᠦᠵᠦ ᠲᠡᠶᠢᠯᠬᠦ ᠦᠭᠡᠢ ᠴᠤ ᠭᠠᠯ ᠲᠠᠬᠢᠬᠤ ᠳ᠋ᠥ ᠵᠠᠪᠠᠯ ᠴᠢᠪᠠᠭ᠎ᠠ ᠪᠠᠶᠢᠬᠤ ᠬᠡᠷᠡᠭᠲᠡᠢ ᠃ ᠵᠡᠷᠭᠡ ᠵᠡᠷᠭᠡ ᠤᠯᠠᠨ ᠵᠦᠢᠯ ᠤᠨ ᠴᠡᠭᠡᠷ ᠶᠤᠰᠤ ᠪᠠᠶᠢᠳᠠᠭ ᠃ ᠪᠠᠰᠠ ᠵᠠᠷᠢᠮ ᠳ᠋ᠥ ᠪᠠᠨ ᠭᠡᠷ ᠤᠨ ᠠᠬᠠᠮᠠᠳ ᠪᠤᠶᠤ ᠨᠠᠰᠤᠳᠠᠶᠢᠴᠤᠤᠯ ᠡᠴᠡ ᠵᠢᠭᠠᠬᠠᠨ ᠬᠡᠤᠬᠡᠳ ᠭᠠᠯ ᠢᠶᠠᠷ ᠨᠠᠭᠠᠳᠬᠤ ᠵᠢ ᠤᠯᠵᠦ ᠬᠠᠷᠠᠪᠠᠯ ᠠᠭᠤᠷᠯᠠᠵᠦ ᠵᠠᠩᠨᠠᠳᠠᠭ ᠶᠤᠮ ᠃ ᠬᠡᠷᠪᠡ ᠭᠠᠯ ᠢᠶᠠᠷ ᠨᠠᠭᠠᠳᠪᠠᠯ《 ᠯᠤᠤ ᠵᠢᠷᠤᠨ᠎ᠠ 》ᠭᠡᠵᠦ ᠲᠠᠩᠳᠠ ᠶᠠᠷᠢᠲᠠᠭ ᠵᠠᠩᠰᠢᠯ ᠲᠠᠢ ᠪᠠᠶᠢᠳᠠᠭ ᠃
       ᠬᠡᠷ ᠪᠤᠯᠭᠠᠨ ᠪᠦᠷ ᠭᠠᠯ ᠲᠠᠬᠢᠳᠠᠭ ᠵᠠᠩᠰᠢᠯ ᠲᠠᠢ ᠪᠠᠶᠢᠳᠠᠭ ᠃ ᠪᠠᠰᠠ ᠲᠤᠰᠬᠠᠢ ᠡᠳᠦᠷ ᠲᠠᠢ ᠶᠤᠮ ᠃ ᠵᠠᠷᠢᠮ ᠨᠢ ᠨᠢᠭᠡ ᠵᠢᠯ ᠳ᠋ᠥ ᠤᠯᠠᠷᠢᠯ ‍ᠢ ᠲᠠᠭᠠᠵᠦ ᠲᠦᠷᠪᠡ ᠤᠳᠠᠭ᠎ᠠ ᠲᠠᠬᠢᠵᠦ ᠂ ᠵᠠᠷᠢᠮ ᠨᠢ ᠨᠢᠭᠡ ᠰᠠᠷ᠎ᠠ ᠳ᠋ᠥ ᠤᠳᠠᠭ᠎ᠠ ᠲᠠᠬᠢᠵᠦ ᠂ ᠪᠠᠰᠠ ᠵᠠᠷᠢᠮ ᠨᠢ ᠭᠠᠯ ᠲᠠᠬᠢᠬᠤ ᠲᠤᠭᠲᠠᠭᠰᠠᠨ ᠭᠠᠯ ᠲᠠᠬᠢᠬᠤ ᠯᠠᠮᠠ ᠪᠠᠶᠢᠳᠠᠭ ᠃ ᠬᠤᠷᠴᠢᠨᠴᠤᠳ ᠤᠨ ᠲᠤᠮᠳᠠ ᠬᠠᠮᠤᠭ ᠡᠴᠡ ᠦᠪᠡᠭᠳᠡᠰᠢ ᠶᠡᠬᠡ ᠪᠡᠷ ᠶᠠᠪᠤᠭᠳᠠᠳᠠᠭ ᠭᠠᠯ ᠲᠠᠬᠢᠯᠭ᠎ᠠ ᠶ᠋ᠢᠨ ᠡᠳᠦᠷ ᠪᠤᠯ ᠪᠢᠯᠢᠭ ᠤᠨ ᠤᠯᠠᠷᠢᠯ ᠤᠨ ᠯᠠ ᠰᠠᠷ᠎ᠠ ᠶ᠋ᠢᠨ ᠬᠤᠷᠢᠨ ᠭᠤᠷᠪᠠᠨ ᠪᠤᠯᠤᠨ᠎ᠠ ᠃ ᠡᠨᠡ ᠨᠢ ᠪᠢᠳᠡᠨ ᠳ᠋ᠥ ᠬᠠᠮᠤᠭ ᠡᠴᠡ ᠢᠯᠡᠭᠦᠦ ᠭᠦᠨ ᠰᠠᠭᠤᠭᠳᠠᠯ ᠲᠠᠢ ᠪᠠᠶᠢᠳᠠᠭ ᠃ ᠤᠴᠢᠷ ᠨᠢ ᠡᠨᠡ ᠡᠳᠦᠷ ‍ᠢ ᠪᠢᠲᠡ《 ᠪᠠᠭ᠎ᠠ ᠰᠢᠨ᠎ᠡ 》ᠭᠡᠳᠡᠭ ᠃ ᠡᠭᠦᠨ ᠢᠶᠠᠷ ᠦᠯᠦ ᠪᠠᠷᠠᠨ ᠭᠠᠯ ᠢᠶᠠᠷ ᠮᠠᠰᠢ ᠤᠯᠠᠨ ᠳᠤᠮ ᠵᠠᠰᠠᠯᠭ᠎ᠠ ᠬᠢᠳᠡᠭ ᠂ ᠶᠠᠮᠠᠷ ᠴᠤ ᠶᠠᠭᠤᠮ᠎ᠠ ᠵᠢ ᠪᠦᠷ ᠭᠠᠯ ᠢᠶᠠᠷ ᠠᠷᠢᠭᠤᠳᠬᠠᠳᠠᠭ ᠃ ᠵᠢᠱᠢᠶᠡᠯᠡᠪᠡᠯ ᠬᠡᠤᠬᠡᠳ ᠬᠠᠯᠠᠭᠤᠨ ᠤᠷᠬᠢᠪᠠᠯ ᠭᠠᠯ ᠢᠶᠠᠷ ᠠᠷᠢᠭᠤᠳᠬᠠᠨ᠎ᠠ ᠃ ᠬᠤᠷᠴᠢᠨ ᠨᠤᠲᠤᠭ ᠤᠨ ᠬᠦᠮᠦᠰ ᠲᠠᠩᠳᠠ ᠪᠠᠭ᠎ᠠ ᠬᠦᠦ ᠪᠠᠨ ᠭᠠᠯ ᠭᠤᠯᠤᠮᠲᠠ ᠪᠠᠨ ᠰᠠᠬᠢᠬᠤ ᠬᠦᠮᠦᠨ ᠬᠡᠵᠦ ᠤᠯᠠᠮᠵᠢᠯᠠᠨ ᠶᠠᠷᠢᠭᠰᠠᠭᠠᠷ ᠢᠷᠡᠪᠡ ᠃ ᠪᠢᠳᠡ ᠪᠦᠭᠦᠳᠡᠭᠡᠷ ᠢᠶᠡᠨ ᠭᠠᠯ ᠢᠶᠡᠨ ᠲᠠᠬᠢᠵᠦ ᠭᠤᠯᠤᠮᠲᠠ ᠪᠠᠨ ᠪᠤᠰᠬᠠᠵᠦ ᠂ ᠬᠤᠷᠸ᠎ᠠ ᠶ᠋ᠢᠨ ᠡᠷᠢᠨ ᠳ᠋ᠥ ᠲᠦᠷᠡᠯᠵᠡᠵᠦ ᠶᠠᠪᠤᠶ᠎ᠠ ︕

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄