ᠮᠤᠩᠭᠤᠯ ᠤᠯᠤᠰ ‍ᠤᠨ 10 ᠵᠢᠷᠤᠭᠴᠢᠨ ᠤ 《 ᠲᠤᠷᠭᠠᠨ ᠵᠠᠮ 》 ᠰᠢᠷᠢᠰ ᠪᠦᠳᠦᠭᠡᠯ ᠰᠢᠶᠠᠩᠭᠠᠩ ‍ᠤᠨ ᠵᠠᠬ᠎ᠠ ᠳᠡᠯᠭᠡᠭᠦᠷ ᠲᠦ ᠭᠠᠷᠪᠠ

ᠤᠩᠰᠢᠭᠰᠠᠨ ᠤᠳᠠᠭ᠎ᠠ ᠄ 856    ᠨᠡᠶᠢᠳᠡᠯᠡᠭᠰᠡᠨ ᠴᠠᠭ ᠄ 2016-03-21

     ᠠᠷᠪᠠᠨ ᠳᠣᠯᠣᠭᠠᠨ ᠤ ᠡᠳᠦᠷ᠂ ᠮᠤᠩᠭᠤᠯ ᠤᠯᠤᠰ ‍ᠤᠨ 10 ᠵᠢᠷᠤᠭᠴᠢᠨ 《 ᠲᠡᠯ᠎ᠡ ᠨᠤᠲᠤᠭ ᠤᠨ ᠲᠤᠷᠭᠠᠨ ᠵᠠᠮ 》 ᠰᠢᠷᠢᠰ ᠪᠦᠳᠦᠭᠡᠯ ᠢᠶᠡᠨ ᠰᠢᠶᠠᠩᠭᠠᠩ ‍ᠤᠨ ᠳ᠋ᠠ ᠭᠦᠩ ᠰᠤᠶᠤᠯ ᠤᠷᠠᠯᠢᠭ ‍ᠤᠨ ᠪᠦᠳᠦᠭᠡᠯ ‍ᠤᠨ ᠡᠷᠬᠡ ᠶ᠋ᠢᠨ ᠰᠤᠯᠢᠯᠴᠠᠭᠠᠨ ᠤ ᠭᠠᠵᠠᠷ ᠲᠤ ᠵᠢᠩᠬᠢᠨᠢ ᠪᠡᠷ ᠵᠠᠬ᠎ᠠ ᠳ᠋ᠤ ᠭᠠᠷᠭᠠᠭᠰᠠᠨ ᠢᠶᠡᠨ ᠨᠠᠶᠢᠳᠠᠯᠠᠪᠠ᠃ ᠲᠤᠷᠠᠳᠤᠭᠤᠰᠢᠳᠠᠢ ᠨᠢ ᠡᠳᠡᠭᠡᠷ ᠪᠦᠳᠦᠭᠡᠯ ‍ᠤᠨ ᠵᠠᠬ᠎ᠠ ᠳ᠋ᠤ ᠭᠠᠷᠭᠠᠭᠰᠠᠨ ᠭᠠᠵᠠᠷ ᠨᠢ ᠰᠢᠶᠠᠩᠭᠠᠩ ‍ᠤᠨ ᠰᠤᠯᠢᠯᠴᠠᠭᠠᠨ ᠤ ᠭᠠᠵᠠᠷ ᠲᠤ ᠪᠢᠰᠢ᠂ ᠬᠠᠷᠢᠨ ᠬᠦᠬᠡᠬᠤᠳᠠ ᠳ᠋ᠡᠬᠢ ᠤᠷᠤᠯᠠᠨ ᠡᠵᠡᠩᠨᠡᠬᠦ ᠪᠠᠶᠢᠭᠤᠯᠤᠮᠵᠢ ᠳ᠋ᠥ ᠪᠤᠯᠤᠨ᠎ᠡ᠃   
     ᠲᠤᠰ ᠡᠳᠦᠷ ‍ᠤᠨ ᠵᠠᠬ᠎ᠠ ᠳ᠋ᠤ ᠭᠠᠷᠭᠠᠬᠤ ᠶᠤᠰᠤᠯᠠᠯ ᠲᠡᠭᠡᠷ᠎ᠡ ᠶᠡᠬᠡ ᠵᠤᠤ ᠤᠳᠤ ᠦᠶ᠎ᠡ ᠶ᠋ᠢᠨ ᠤᠷᠠᠯᠢᠭ ‍ᠤᠨ ᠲᠦᠪ ‍ᠤᠨ ᠬᠠᠷᠢᠭᠤᠴᠠᠯᠭᠠᠳᠠᠨ ᠵᠠᠩ ᠠᠪᠤᠭᠠᠢ ᠶᠡᠷᠢᠬᠤ ᠳ᠋ᠠᠭᠠᠨ᠂ ᠡᠨᠡ ᠤᠳᠠᠭ᠎ᠠ ᠮᠤᠩᠭᠤᠯ ᠤᠯᠤᠰ ᠤᠨ 10 ᠵᠢᠷᠤᠭᠴᠢᠨ ᠤ ᠪᠦᠳᠦᠭᠡᠯ ‍ᠢ ᠰᠢᠶᠠᠩᠭᠠᠩ ‍ᠤᠨ ᠳ᠋ᠠ ᠭᠦᠩ ᠰᠤᠶᠤᠯ ᠤᠷᠠᠯᠢᠭ ‍ᠤᠨ ᠪᠦᠳᠦᠭᠡᠯ ‍ᠤᠨ ᠡᠷᠬᠡ ᠶ᠋ᠢᠨ ᠰᠤᠯᠢᠯᠴᠠᠭᠠᠨ ᠤ ᠭᠠᠵᠠᠷ ᠢᠶᠠᠷ ᠲᠡᠮᠵᠢᠭᠤᠯᠵᠦ᠂ ᠨᠡᠩ ᠬᠤᠷᠳᠤᠨ ᠢᠶᠠᠷ ᠲᠡᠯᠡᠬᠡᠢ ᠳ᠋ᠤ ᠲᠠᠨᠢᠭᠤᠯᠤᠨ᠎ᠡ᠂ ᠡᠨᠡ ᠨᠢ ᠤᠷᠠᠯᠢᠭᠴᠢᠳ ‍ᠤᠨ ᠡᠯ᠎ᠡ ᠲᠡᠯ᠎ᠡ ᠶ᠋ᠢᠨ ᠦᠷᠳᠡᠭ ‍ᠢ ᠳᠡᠭᠡᠭᠰᠢᠯᠡᠭᠦᠯᠬᠦ ᠳ᠋ᠥ ᠲᠤᠰᠠ ᠪᠤᠯᠬᠤ ᠶᠤᠮ ᠭᠡᠯ᠎ᠡ᠃     
      ᠶᠤᠰᠤᠯᠠᠯ ᠳ᠋ᠤ ᠤᠷᠤᠯᠴᠠᠭᠰᠠᠨ ᠰᠢᠶᠠᠩᠭᠠᠩ ‍ᠤᠨ ᠳ᠋ᠠ ᠭᠦᠩ ᠰᠤᠶᠤᠯ ᠤᠷᠠᠯᠢᠭ ‍ᠤᠨ  ᠪᠦᠳᠦᠭᠡᠯ ‍ᠤᠨ ᠡᠷᠬᠡ ᠶ᠋ᠢᠨ ᠰᠤᠯᠢᠯᠴᠠᠭᠠᠨ ᠤ ᠭᠠᠵᠠᠷ ‍ᠤᠨ ᠶᠡᠷᠦᠩᠬᠡᠢ ᠲᠠᠭᠠᠭᠠᠮᠠᠯ ᠰᠢᠶᠤᠤ ᠳ᠋ᠢ ᠢᠯᠡᠷᠬᠡᠶᠢᠯᠡᠬᠦ ᠳ᠋ᠡᠭᠡᠨ᠂ 10 ᠵᠢᠷᠤᠭᠴᠢᠨ ᠤ ᠡᠨᠡ ᠤᠳᠠᠭ᠎ᠠ ᠵᠠᠬ᠎ᠠ ᠳ᠋ᠤ ᠭᠠᠷᠤᠭᠰᠠᠨ ᠪᠦᠳᠦᠭᠡᠯ ᠨᠢ ᠢᠯᠡ ᠲᠤᠳᠤ ᠦᠨᠳᠦᠰᠦᠳᠡᠨ ᠤ ᠪᠠ ᠤᠷᠤᠨ ᠨᠤᠳᠤᠭ ‍ᠤᠨ ᠤᠨᠴᠠᠯᠢᠭ ᠲᠠᠢ ᠶᠤᠮ᠂ ᠡᠳᠡᠭᠡᠷ ᠪᠦᠳᠦᠭᠡᠯ ᠲᠡᠯᠡᠬᠡᠢ ᠳ᠋ᠤ ᠬᠤᠷᠳᠤᠬᠠᠨ ᠮᠡᠳᠡᠷᠡᠭᠳᠡᠨ᠎ᠡ ᠭᠡᠳᠡᠭ ᠲᠦ ᠢᠳᠡᠭᠡᠵᠦ ᠪᠠᠶᠢᠨ᠎ᠡ᠃ ᠡᠳᠡᠭᠡᠷ ᠪᠦᠳᠦᠭᠡᠯ ᠨᠢ ᠣᠷᠣᠰ᠂ ᠮᠠᠯᠠᠶᠢᠰᠢᠶ᠎ᠡ᠂ ᠠᠦ᠋ᠰᠲ᠋ᠷᠯᠢᠶ᠎ᠡ᠂ ᠰᠢᠩᠭᠠᠫᠤᠷ᠂ ᠲᠠᠶᠢᠸᠠᠨ ᠵᠡᠷᠭᠡ ᠤᠯᠤᠰ ᠤᠷᠤᠨ ᠳ᠋ᠤ ᠨᠡᠩ ᠶᠡᠬᠡ ᠥᠷᠲᠡᠭ ᠢᠶᠡᠨ ᠦᠵᠡᠭᠦᠯᠬᠦ ᠪᠤᠯᠤᠨ᠎ᠡ ᠭᠡᠵᠡᠢ᠃

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ