ᠠᠯᠳᠠᠷᠲᠤ ᠳᠠᠭᠤᠴᠢᠨ ᠂ ᠠᠯᠳᠠᠷᠲᠤ ᠰᠤᠷᠭᠠᠨ ᠬᠦᠮᠦᠵᠢᠭᠦᠯᠦᠭᠴᠢ ᠤᠷᠠᠨ᠎ᠠ

ᠤᠩᠰᠢᠭᠰᠠᠨ ᠤᠳᠠᠭ᠎ᠠ ᠄ 838    ᠨᠡᠶᠢᠳᠡᠯᠡᠭᠰᠡᠨ ᠴᠠᠭ ᠄ 2016-03-19

      ᠤᠷᠠᠨ᠎ᠠ ᠂ ᠠᠯᠳᠠᠷᠲᠤ ᠳᠠᠭᠤᠴᠢᠨ ᠂ ᠤᠯᠤᠰ ‍ᠤᠨ ᠨᠢᠭᠡᠳᠦᠭᠡᠷ ᠳᠡᠰ ‍ᠤᠨ ᠲᠣᠭᠯᠠᠭᠴᠢ ᠂ ᠲᠥᠪ ‍ᠤᠨ ᠦᠨᠳᠦᠰᠦᠲᠡᠨ ‍ᠤ ᠶᠡᠬᠡ ᠰᠤᠷᠭᠠᠭᠤᠯᠢ ᠶ᠋ᠢᠨ ᠳᠠᠭᠤᠤ ᠬᠥᠭᠵᠢᠮ ‍ᠤᠨ ᠳᠡᠭᠡᠳᠦ ᠰᠤᠷᠭᠠᠭᠤᠯᠢ ᠶ᠋ᠢᠨ  ᠳᠡᠳ᠋ ᠫᠷᠦᠹᠸᠰᠰᠣᠷ ᠂ ᠠᠯᠳᠠᠷᠲᠤ ᠰᠤᠷᠭᠠᠨ ᠬᠦᠮᠦᠵᠢᠭᠦᠯᠦᠭᠴᠢ ᠂ ᠳᠤᠮᠳᠠᠳᠤ ᠤᠯᠤᠰ ‍ᠤᠨ ᠳᠠᠭᠤᠤ ᠬᠥᠭᠵᠢᠮᠴᠢᠳ ‍ᠤᠨ ᠨᠡᠶᠢᠭᠡᠮᠯᠢᠭ ‍ᠤᠨ ᠭᠡᠰᠢᠭᠦᠨ ᠂ ᠳᠤᠮᠳᠠᠳᠤ ᠤᠯᠤᠰ ‍ᠤᠨ ᠴᠥ᠋ᠬᠡᠨ ᠲᠣᠭᠠᠲᠤ ᠦᠨᠳᠦᠰᠦᠲᠡᠨ ᠤ ᠳᠠᠭᠤᠤ ᠬᠥᠭᠵᠢᠮᠴᠢᠳ ‍ᠤᠨ ᠨᠡᠶᠢᠭᠡᠮᠯᠢᠭ ‍ᠤᠨ ᠭᠡᠰᠢᠭᠦᠨ ᠂ ᠳᠤᠮᠳᠠᠳᠤ ᠤᠯᠤᠰ ‍ᠤᠨ ᠴᠥᠬᠡᠨ ᠲᠤᠭᠠᠲᠤ ᠦᠨᠳᠦᠰᠦᠲᠡᠨ ‍ᠤ ᠳᠠᠭᠤᠤ ᠶ᠋ᠢᠨ ᠨᠡᠶᠢᠭᠡᠮᠯᠢᠭ ‍ᠤᠨ ᠬᠡᠷᠡᠭ ᠮᠡᠳᠡᠭᠴᠢ ᠂ ᠡᠸᠡᠩᠭᠢ ᠠᠷᠠᠳ ‍ᠤᠨ ᠳᠠᠭᠤᠤ ᠶ᠋ᠢᠨ ᠥᠪᠯᠡᠨ ᠵᠠᠯᠭᠠᠮᠵᠢᠯᠠᠭᠴᠢ ᠃

     1980 —1983 ᠣᠨ ‍ᠤ ᠬᠣᠭᠣᠷᠣᠨᠳᠣ ᠥᠪᠥᠷ ᠮᠣᠩᠭᠣᠯ ‍ᠤᠨ ᠤᠷᠠᠯᠢᠭ ‍ᠤᠨ ᠰᠤᠷᠭᠠᠭᠤᠯᠢ ᠶ᠋ᠢᠨ ᠬᠥᠯᠥᠨ ᠪᠣᠶᠢᠷ ᠠᠶᠢᠮᠠᠭ ᠲᠡᠬᠢ ᠬᠤᠪᠢᠶᠠᠷᠢ ᠰᠤᠷᠭᠠᠭᠤᠯᠢ ᠳ᠋ᠤ ᠰᠤᠷᠤᠯᠴᠠᠨ ᠂ 1983 — 1984 ᠣᠨ ᠤ ᠬᠣᠭᠣᠷᠣᠨᠳᠣ ᠬᠥᠯᠥᠨ ᠪᠣᠶᠢᠷ ᠠᠶᠢᠮᠠᠭ ᠤᠨ ᠳᠠᠭᠤᠤ ᠪᠥᠵᠢᠭ ‍ᠤᠨ ᠪᠦᠯᠬᠦᠮ ᠳ᠋ᠤ ᠠᠵᠢᠯᠯᠠᠪᠠ ᠃ 1984 — 1988 ᠣᠨ ‍ᠤ ᠬᠣᠭᠣᠷᠣᠨᠳᠣ ᠲᠥᠪ ‍ᠤᠨ ᠦᠨᠳᠦᠰᠦᠲᠡᠨ ‍ᠤ ᠳᠡᠭᠡᠳᠦ ᠰᠤᠷᠭᠠᠭᠤᠯᠢ ᠳ᠋ᠤ ᠰᠤᠷᠤᠯᠴᠠᠨ ᠂ 1988 ᠣᠨ ᠡᠴᠠ ᠣᠳᠣ ᠪᠣᠯᠲᠠᠯ᠎ᠠ ᠲᠥᠪ ‍ᠤᠨ ᠦᠨᠳᠦᠰᠦᠲᠡᠨ ‍ᠤ ᠶᠡᠬᠡ ᠰᠤᠷᠭᠠᠭᠤᠯᠢ ᠶ᠋ᠢᠨ ᠳᠠᠭᠤᠤ ᠬᠥᠭᠵᠢᠮ ‍ᠤᠨ ᠳᠡᠭᠡᠳᠦ ᠰᠤᠷᠭᠠᠭᠤᠯᠢ ᠳ᠋ᠤ ᠠᠵᠢᠯᠯᠠᠭᠰᠠᠭᠠᠷ ᠁
ᠠᠮᠵᠢᠯᠲᠠ ᠪᠦᠲᠦᠭᠡᠯ ᠡᠴᠠ ᠨᠢ ᠴᠣᠬᠣᠰ ᠳᠤᠷᠠᠳᠪᠠᠯ ᠄
     1985 ᠣᠨ ᠳ᠋ᠤ ᠪᠦᠬᠦ ᠤᠯᠤᠰ ‍ᠤᠨ ᠴᠥᠬᠡᠨ ᠲᠤᠭᠠᠲᠤ ᠦᠨᠳᠦᠰᠦᠲᠡᠨ ‍ᠤ ᠳᠠᠭᠤᠤ ᠶ᠋ᠢᠨ ᠮᠦᠷᠦᠶᠢᠴᠡᠭᠡᠨ ᠳ᠋ᠤ ᠬᠠᠮᠤᠭ ‍ᠤᠨ ᠳᠡᠭᠡᠳᠦ ᠱᠠᠩᠨᠠᠯ —《 ᠠᠯᠲᠠᠨ ᠭᠠᠷᠤᠳᠢ ᠱᠠᠩᠨᠠᠯ 》ᠲᠣᠰᠴᠠᠢ ᠃
     1992 ᠣᠨ ᠳ᠋ᠤ《 ᠡᠾᠸ ᠱᠠᠨ ᠬᠤᠨᠲᠠᠭᠠᠲᠤ 》ᠪᠦᠬᠦ ᠤᠯᠤᠰ ‍ᠤᠨ ᠴᠥ᠋ᠬᠡᠨ ᠲᠣᠭᠠᠲᠤ ᠦᠨᠳᠦᠰᠦᠲᠡᠨ ‍ᠤ ᠳᠠᠭᠤᠤ ᠶ᠋ᠢᠨ ᠮᠦᠷᠦᠶᠢᠴᠡᠭᠡᠨ ‍ᠤ ᠵᠠᠯᠠᠭᠤ ᠳᠠᠭᠤᠴᠢᠳ ‍ᠤᠨ ᠳᠤᠭᠤᠶᠢᠯᠠᠩ ‍ᠤᠨ ᠦᠨᠳᠦᠰᠦᠲᠡᠨ ‍ᠤ ᠳᠠᠭᠤᠯᠠᠯᠭ᠎ᠠ ᠶ᠋ᠢᠨ ᠭᠤᠷᠪᠠᠳᠤᠭᠠᠷ ᠳᠡᠰ ‍ᠤᠨ ᠱᠠᠩᠨᠠᠯ ‍ᠢ ᠲᠣᠰᠪᠠ ᠃
     2006 ᠣᠨ ᠳ᠋ᠤ ᠨᠦᠬᠦᠷ ᠪᠦᠷᠢᠨᠪᠠᠶᠠᠷ ᠲᠠᠢ ᠪᠠᠨ ᠬᠠᠮᠲᠤ《 ᠲᠠᠪᠤᠨ ᠲᠠᠩᠰᠤᠭ ᠬᠥᠯᠥᠨ ᠪᠣᠶᠢᠷ ᠨᠠᠶᠢᠷᠠᠯ ᠳᠠᠭᠤᠤ ᠶ᠋ᠢᠨ ᠪᠦᠯᠬᠦᠮ 》ᠰᠡᠳᠦᠨ ᠪᠠᠶᠢᠭᠤᠯᠵᠤ ᠂ ᠪᠦᠬᠦ ᠤᠯᠤᠰ ‍ᠤᠨ ᠡᠯ᠎ᠡ ᠭᠠᠵᠠᠷ ᠢᠶᠠᠷ ᠬᠦᠷᠴᠦ ᠲᠣᠭᠯᠠᠯᠲᠠ ᠭᠠᠷᠭᠠᠪᠠ ᠃
     2006 ᠣᠨ ᠳ᠋ᠤ《 ᠴᠢᠨᠳᠠᠮᠣᠨᠢ ᠡᠷᠳᠡᠨᠢ 》ᠳᠠᠭᠤᠤ ᠪᠠᠷ ᠢᠶᠡᠨ ᠲᠥᠪ ‍ᠤᠨ ᠲᠸᠯᠸᠢᠰ ᠬᠣᠷᠢᠶ᠎ᠠ ᠶ᠋ᠢᠨ ᠴᠠᠭᠠᠨ ᠰᠠᠷ᠎ᠠ ᠶ᠋ᠢᠨ ᠤᠷᠠᠨ ᠰᠠᠶᠢᠬᠠᠨ ‍ᠤ ᠦᠳᠡᠰᠢᠯᠡᠭᠡ ᠳ᠋ᠤ ᠣᠷᠣᠯᠴᠠᠭᠠᠳ ᠦᠵᠡᠭᠴᠢᠳ ᠲᠤ ᠬᠠᠮᠤᠭ ᠡᠴᠠ ᠲᠠᠭᠠᠰᠢᠶᠠᠭᠳᠠᠭᠰᠠᠨ ᠳᠠᠭᠤᠴᠢᠨ ᠢᠶᠠᠷ ᠰᠣᠩᠭᠣᠭᠳᠠᠪᠠ ᠃ 
     2007 ᠣᠨ ᠳ᠋ᠤ ᠲᠡᠭᠦᠨ ‍ᠤ ᠳᠠᠭᠤᠯᠠᠭᠰᠠᠨ《 ᠴᠢᠨᠳᠠᠮᠣᠨᠢ ᠡᠷᠳᠡᠨᠢ 》ᠬᠡᠮᠡᠬᠦ  ᠳᠠᠭᠤᠤ ᠨᠢ ᠲᠥᠪ ᠬᠣᠷᠢᠶ᠎ᠠ ᠶ᠋ᠢᠨ ᠤᠬᠠᠭᠤᠯᠬᠤ ᠬᠡᠯᠲᠡᠰ ᠡᠴᠠ ᠣᠯᠭᠣᠭᠰᠠᠨ ᠠᠷᠪᠠᠳᠤᠭᠠᠷ ᠬᠤᠭᠤᠴᠠᠭᠠᠨ ‍ᠤ ᠣᠶᠣᠨ ‍ᠤ ᠪᠣᠯᠪᠠᠰᠤᠨ ‍ᠤ ᠪᠦᠲᠦᠭᠡᠨ ᠪᠠᠶᠢᠭᠤᠯᠤᠯᠲᠠ ᠶ᠋ᠢᠨ《 5.1 ᠢᠨᠵᠸᠨ᠋ᠸᠷᠢᠩ 》ᠱᠠᠩᠨᠠᠯ ‍ᠢ ᠲᠣᠰᠪᠠ ᠃
     2010 ᠣᠨ ᠳ᠋ᠤ ᠲᠥᠪ ᠲᠸᠯᠸᠢᠰ ‍ᠤᠨ ᠠᠷᠪᠠᠨ ᠳᠦᠷᠪᠡᠳᠦᠭᠡᠷ ᠬᠤᠭᠤᠴᠠᠭᠠᠨ ‍ᠤ ᠪᠦᠬᠦ ᠤᠯᠤᠰ ‍ᠤᠨ ᠵᠠᠯᠠᠭᠤ ᠳᠠᠭᠤᠴᠢᠳ ‍ᠤᠨ ᠲᠸᠯᠸᠢᠰ ᠱᠠᠩᠨᠠᠯᠲᠤ ᠤᠷᠤᠯᠳᠤᠭᠠᠨ ᠳ᠋ᠤ ᠬᠢᠨᠠᠭᠴᠢ ᠪᠠᠷ ᠰᠠᠭᠠᠲᠠᠭᠰᠠᠨ ᠪᠠᠶᠢᠨ᠎ᠠ ᠃
     ᠡᠳᠡᠭᠡᠷ ᠣᠯᠠᠨ ᠠᠮᠵᠢᠯᠲᠠ ᠪᠦᠲᠦᠭᠡᠯ ᠡᠴᠠ ᠭᠠᠳᠠᠨ᠎ᠠ ᠤᠷᠠᠨ᠎ᠠ ᠪᠠᠭᠰᠢ ᠣᠯᠠᠨ ᠦᠨᠳᠦᠰᠦᠲᠡᠨ ᠴᠤᠭᠯᠠᠷᠠᠭᠰᠠᠨ ᠲᠥᠪ ‍ᠤᠨ ᠦᠨᠳᠦᠰᠦᠲᠡᠨ ‍ᠤ ᠶᠡᠬᠡ ᠰᠤᠷᠭᠠᠭᠤᠯᠢ ᠶ᠋ᠢᠨ ᠢᠶᠡᠨ ᠪᠣᠱᠣᠭᠠᠨ ᠳ᠋ᠤ ᠣᠯᠠᠨ ᠱᠠᠪᠢ ᠨᠠᠷ ‍ᠢ ᠬᠦᠮᠦᠵᠢᠭᠦᠯᠵᠦ ᠂ ᠵᠠᠯᠠᠭᠤ ᠨᠡᠷᠡᠲᠦ ᠳᠠᠭᠤᠴᠢᠨ ᠴᠡᠴᠡᠭᠮ᠎ᠠ ᠂ ᠬᠠᠯᠢᠨ ᠂ ᠤᠯᠠᠭᠠᠨᠲᠤᠶᠠᠭ᠎ᠠ ᠂ ᠨᠤᠭᠤᠨᠵᠠᠶᠠᠭ᠎ᠠ ᠬᠠᠮᠲᠤᠯᠢᠭ ᠂ ᠬᠣᠷᠴᠢᠨ ᠡᠭᠡᠴᠢ ᠳᠡᠭᠦᠦ ᠬᠠᠮᠲᠤᠯᠢᠭ ᠡᠴᠠ ᠭᠠᠳᠠᠨ᠎ᠠ ᠲᠥ᠋ᠪᠡᠳ ᠂ ᠮᠢᠶᠣᠣ ᠂ ᠣᠶᠢᠭᠤᠷ ᠵᠡᠷᠭᠡ ᠠᠬ᠎ᠠ ᠳᠡᠭᠦᠦ ᠦᠨᠳᠦᠰᠦᠲᠡᠨ ‍ᠤ ᠰᠢᠯᠢᠳᠡᠭ ᠳᠠᠭᠤᠴᠢᠳ ‍ᠢ ᠴᠦ ᠬᠦᠮᠦᠵᠢᠭᠦᠯᠦᠨ ᠭᠠᠷᠭᠠᠭᠰᠠᠨ ᠶᠤᠮ ᠃

 

                                      ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄