ᠬᠡᠤᠬᠡᠳ ᠢ ᠪᠢᠯᠢᠭ ᠴᠤᠭᠤᠷᠤᠭᠤᠯᠬᠤ ᠨᠣᠮ

ᠤᠩᠰᠢᠭᠰᠠᠨ ᠤᠳᠠᠭ᠎ᠠ ᠄ 907    ᠨᠡᠶᠢᠳᠡᠯᠡᠭᠰᠡᠨ ᠴᠠᠭ ᠄ 2016-03-19

1.ᠺᠢᠨᠣ᠋ ᠦᠵᠡᠬᠦ ᠳ᠋ᠦ ᠡᠩ ᠲᠡᠷᠢᠭᠦᠨ ᠳ᠋ᠦ ᠶᠠᠭᠤ ᠱᠠᠭᠠᠷᠳᠠᠭᠳᠠᠳᠠᠭ ᠪᠣᠢ ︖
2.ᠵᠡᠭᠦᠨ ᠴᠢᠬᠢ ᠲᠠᠢ ᠴᠢᠨᠢ ᠠᠪ ᠠᠳᠠᠯᠢ ᠶᠠᠭᠤᠮ᠎ᠠ ᠶ᠋ᠢ ᠮᠡᠳᠡᠨ᠎ᠡ ‍ᠦᠦ ︖
3.ᠰᠢᠷᠡᠭᠡᠨ ᠳᠡᠭᠡᠷ᠎ᠡ ᠬᠣᠶᠠᠷ ᠠᠯᠮᠤᠷᠠᠳ ᠪᠠᠶᠢᠨ᠎ᠠ ᠃ ᠨᠢᠭᠡ ᠶ᠋ᠢ ᠨᠢ ᠠᠳᠬᠤᠬᠤ ᠳ᠋ᠤ ᠪᠠᠰᠠ ᠬᠡᠳᠦᠨ ᠠᠯᠮᠤᠷᠠᠳ ᠦᠯᠡᠳᠡᠬᠦ ᠪᠣᠢ ︖
4.ᠮᠠᠰᠢᠨ ᠲᠡᠷᠭᠡ ᠪᠠ ᠭᠠᠯᠲᠦ ᠲᠡᠷᠭᠡ ᠥᠭᠡᠳᠡ ᠥᠭᠡᠳᠡ ᠡᠴᠡ ᠪᠡᠨ ᠤᠷᠤᠭᠰᠢᠯᠠᠯᠠᠵᠤ ᠪᠣᠢ ᠃ ᠡᠨᠡ ᠬᠣᠶᠠᠷ ᠲᠡᠷᠭᠡ ᠮᠦᠷᠭᠦᠯᠳᠦᠨ᠎ᠡ ‍ᠦᠦ ︖
5.ᠶᠠᠮᠠᠷ ᠲᠠᠬᠢᠶ᠎ᠠ ᠨᠢᠰᠴᠦ ᠴᠢᠳᠠᠬᠤ ᠦᠭᠡᠢ ᠪᠣᠢ ︖

6.ᠪᠢᠴᠢᠬᠠᠨ ᠬᠠᠶᠢᠷᠬᠠᠨ ᠬᠣᠶᠠᠷ ᠠᠯᠲᠠᠨ ᠵᠢᠭᠠᠰᠤ ᠬᠤᠳᠠᠯᠳᠤᠨ ᠠᠪᠴᠢᠷᠠᠵᠤ ᠂ ᠭᠠᠩ ᠳ᠋ᠤ ᠬᠢᠭᠡᠳ 5ᠮᠢᠨᠦ᠋ᠲ ᠪᠣᠯᠤᠭᠰᠠᠨ ᠦᠭᠡᠢ ᠦᠬᠦᠴᠢᠬᠡᠪᠡ ᠃ ᠶᠠᠭᠠᠬᠢᠭᠠᠳ ︖
7.ᠶᠠᠮᠠᠷ ᠡᠮᠡᠭᠴᠢᠨ ᠲᠠᠬᠢᠶ᠎ᠠ ᠬᠡᠵᠢᠶᠡᠳᠡ ᠦᠨᠳᠡᠭᠡᠯᠡᠳᠡᠭ ᠦᠭᠡᠢ ᠪᠣᠢ ︖
8.ᠲᠸᠯᠸᠢᠰ ᠦ᠋ᠨ ᠨᠡᠶᠢᠲᠡ ᠶ᠋ᠢᠨ ᠣᠨᠴᠠᠯᠢᠭ ᠨᠢ ᠶᠠᠭᠤ ᠪᠣᠢ ︖
9.ᠨᠢᠭᠡ ᠯᠡ ᠴᠢᠬᠢ ᠲᠠᠢ ᠬᠦᠮᠦᠨ ᠢ ᠣᠯᠵᠤ ᠦᠵᠡᠭᠰᠡᠨ ‍ᠦᠦ ︖
10.ᠨᠡᠶᠢᠲᠡ ᠶ᠋ᠢᠨ ᠮᠠᠰᠢᠨ ᠲᠡᠷᠭᠡᠨ ᠳ᠋ᠦ ᠰᠠᠭᠤᠭᠠᠳ ᠬᠡᠵᠢᠶᠡᠳᠡ ᠪᠢᠯᠸᠲ ᠠᠪᠳᠠᠭ ᠦᠭᠡᠢ ᠨᠢ ᠬᠡᠨ ᠪᠣᠢ ︖

      ᠬᠠᠷᠢᠭᠤᠯᠲᠠ᠄ 1.︵ ᠬᠠᠷᠠᠩᠭᠤᠢ︶  2.︵ ᠪᠠᠷᠠᠭᠤᠨ ᠴᠢᠬᠢ ︶  3.︵ ᠪᠠᠰᠠ ᠬᠣᠶᠠᠷ ᠦᠯᠡᠳᠡᠨ᠎ᠡ  ︶  4. ︵ ᠮᠦᠷᠭᠦᠯᠳᠦᠬᠦ ᠦᠭᠡᠢ ᠃ ᠤᠴᠢᠷ ᠨᠢ ᠮᠠᠰᠢᠨ ᠲᠡᠷᠭᠡ ᠵᠠᠰᠠᠮᠠᠯ ᠵᠠᠮ ᠢᠶᠠᠷ ᠶᠠᠪᠤᠵᠤ ᠂ ᠭᠠᠯᠲᠦ ᠲᠡᠷᠭᠡ ᠲᠡᠮᠦᠷ ᠵᠠᠮ ᠢᠶᠠᠷ ᠶᠠᠪᠤᠳᠠᠭ ᠃  ︶  5. ︵ ᠦᠬᠦᠭᠰᠡᠨ ᠲᠠᠬᠢᠶ᠎ᠠ  ︶  6.︵ ᠭᠠᠩ ᠳ᠋ᠤᠨᠢ ᠤᠰᠤ ᠦᠭᠡᠢ  ︶  7.︵ ᠰᠢᠷᠠᠭᠰᠠᠨ ᠡᠮᠡᠭᠴᠢᠨ ᠲᠠᠬᠢᠶ᠎ᠠ  ︶  8.︵ ᠴᠠᠬᠢᠯᠭᠠᠨ ᠬᠡᠷᠡᠭᠯᠡᠨ᠎ᠡ  ︶  9.︵ ᠦᠵᠡᠵᠠᠢ ᠃ ᠬᠦᠮᠦᠨ ᠢ ᠬᠠᠵᠠᠭᠤ ᠡᠴᠠ ᠨᠢ ᠬᠠᠷᠠᠬᠤ ᠳ᠋ᠤ ᠪᠦᠷ ᠨᠢᠭᠡ ᠯᠡ ᠴᠢᠬᠢ ᠲᠠᠢ ᠃  ︶  10.︵ ᠪᠢᠯᠸᠲ ᠬᠤᠳᠠᠯᠳᠤᠭᠴᠢ  ︶

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄