ᠵᠠᠯᠠᠭᠤ ᠳᠠᠭᠤᠴᠢᠨ ᠪᠠᠬᠠᠷ

ᠤᠩᠰᠢᠭᠰᠠᠨ ᠤᠳᠠᠭ᠎ᠠ ᠄ 1131    ᠨᠡᠶᠢᠳᠡᠯᠡᠭᠰᠡᠨ ᠴᠠᠭ ᠄ 2016-03-18

     ᠪᠠᠬᠠᠷ ᠂ 1984 ᠣᠨ ᠳ᠋ᠤ ᠰᠢᠨᠵᠢᠶᠠᠩ ‍ᠤᠨ ᠪᠣᠷᠣᠲᠠᠯ᠎ᠠ ᠮᠣᠩᠭᠣᠯ ᠦᠨᠳᠦᠰᠦᠲᠡᠨ ‍ᠤ ᠥᠪᠡᠷᠲᠡᠭᠡᠨ ᠵᠠᠰᠠᠬᠤ ᠵᠸᠦ ᠶ᠋ᠢᠨ ᠸᠸᠨ ᠴᠢᠦᠸᠠᠨ ᠰᠢᠶᠠᠨ ‍ᠤ  ᠨᠢᠭᠡᠨ ᠡᠭᠡᠯ ᠵᠢᠷ ‍ᠤᠨ ᠮᠠᠯᠴᠢᠨ ‍ᠤ ᠭᠡᠷ ᠲᠤ ᠲᠥᠷᠥᠵᠡᠢ ᠃ ᠥᠨᠢᠷ ᠲᠠᠩᠰᠤᠭ ᠪᠠᠶᠢᠭᠠᠯᠢ ᠳᠡᠯᠡᠬᠡᠢ ᠂ ᠥᠰᠴᠦ ᠲᠥᠷᠥᠭᠰᠡᠨ ᠨᠤᠲᠤᠭ ᠤᠰᠤ ᠨᠢ ᠲᠡᠭᠦᠨ ᠳ᠋ᠤ ᠤᠷᠠᠯᠢᠭ ‍ᠤᠨ ᠰᠢᠳᠢ ᠂ ᠤᠶᠠᠩᠭ᠎ᠠ ᠶ᠋ᠢᠨ ᠰᠢᠮ᠎ᠡ ᠶ᠋ᠢ ᠬᠠᠶᠢᠷᠠᠯᠠᠭᠰᠠᠨ ᠢᠶᠠᠷ ᠲᠡᠷᠡ ᠮᠠᠨᠢ ᠬᠠᠷ᠎ᠠ ᠪᠠᠭ᠎ᠠ ᠡᠴᠠ ᠪᠠᠨ ᠳᠠᠭᠤᠤ ᠬᠥᠭᠵᠢᠮ ᠳ᠋ᠤ ᠳᠤᠷ᠎ᠠ ᠪᠠᠬ᠎ᠠ ᠲᠠᠢ ᠪᠣᠯᠵᠤ ᠂ ᠡᠳᠦᠭᠡ ᠳᠠᠭᠤᠴᠢᠨ ᠠᠯᠳᠠᠷ ᠢᠶᠠᠷ ᠥᠪᠡᠷ ‍ᠢ ᠪᠠᠨ ᠴᠢᠮᠡᠵᠦ ᠶᠠᠪᠤᠨ᠎ᠠ ᠃
     ᠬᠥᠮᠥᠨ ᠭᠡᠵᠦ ᠳᠤᠷᠠᠯᠠᠭᠰᠠᠨ ᠵᠦᠭ ᠲᠤ ᠪᠠᠨ ᠳᠤᠷᠠᠲᠠᠢ ᠲᠡᠮᠡᠦᠯᠡᠳᠡᠭ ‍ᠤᠨ ᠤᠴᠢᠷ ᠪᠠᠬᠠᠷ ᠮᠠᠨᠢ ᠭᠠᠯ ᠵᠠᠯᠠᠭᠤ ᠭᠠᠩᠭᠠᠩ ᠨᠠᠰᠤᠨ ᠳ᠋ᠤ ᠪᠠᠨ ᠠᠯᠤᠰ ᠬᠣᠯᠠ ᠶ᠋ᠢᠨ ᠬᠥᠬᠡᠬᠣᠲᠠ ᠶ᠋ᠢ ᠵᠣᠷᠢᠵᠤ ᠂ ᠳᠡᠳᠮ᠎ᠠ ᠤᠷᠠᠯᠢᠭ ‍ᠤᠨ ᠰᠤᠷᠭᠠᠭᠤᠯᠢ ᠳ᠋ᠤ ᠬᠦᠷᠴᠦ ᠂ ᠤᠷᠠᠯᠢᠭ ‍ᠤᠨ ᠠᠶᠠᠨ ᠢᠶᠡᠨ ᠡᠬᠢᠯᠡᠭᠦᠯᠦᠭᠰᠡᠨ ᠪᠢᠯᠡ ᠃ ᠠᠪᠤ ᠡᠵᠢ ᠶ᠋ᠢᠨ ᠢᠶᠡᠨ ᠠᠯᠲᠠᠨ ᠰᠤᠷᠭᠠᠯ ᠂ ᠠᠴᠢᠲᠤ ᠪᠠᠭᠰᠢ ᠶ᠋ᠢᠨ ᠢᠶᠡᠨ ᠵᠢᠭᠠᠨ ᠵᠢᠯᠤᠭᠤᠳᠤᠯᠭ᠎ᠠ ᠶ᠋ᠢ ᠨᠢᠮᠪᠠᠢ ᠰᠣᠨᠣᠰᠴᠤ ᠂ ᠳᠠᠷᠤᠤ ᠭᠦᠢᠴᠡᠳᠬᠡᠳᠡᠭ ᠨᠢ ᠲᠡᠭᠦᠨ ‍ᠤ ᠠᠷᠠᠨᠰᠢᠨ ᠃
     2008 ᠣᠨ ᠳ᠋ᠤ ᠲᠡᠷᠡ ᠰᠤᠷᠭᠠᠭᠤᠯᠢ ᠪᠠᠨ ᠲᠡᠭᠦᠰᠦᠮᠡᠭᠴᠡ ᠲᠥᠷᠥᠭᠰᠡᠨ ᠨᠤᠲᠤᠭ ᠪᠣᠷᠣᠲᠠᠯ᠎ᠠ ᠳ᠋ᠤ ᠪᠠᠨ ᠪᠤᠴᠠᠵᠤ ᠂ ᠪᠣᠷᠣᠲᠠᠯ᠎ᠠ ᠵᠸᠦ ᠶ᠋ᠢᠨ ᠤᠯᠠᠭᠠᠨᠮᠦ᠋ᠴᠢᠷ ᠲᠤ ᠡᠯᠰᠡᠭᠳᠡᠨ ᠲᠤᠰᠬᠠᠢ ᠳᠠᠭᠤᠴᠢᠨ ᠪᠣᠯᠪᠠ᠃ 2010 ᠣᠨ ᠳ᠋ᠤ ᠪᠣᠷᠣᠲᠠᠯ᠎ᠠ ᠵᠸᠦ ᠶ᠋ᠢᠨ ᠬᠡᠷᠡᠭ ᠡᠷᠬᠢᠯᠡᠬᠦ ᠭᠠᠵᠠᠷ ᠲᠤ ᠠᠵᠢᠯ ᠰᠢᠯᠵᠢᠨ ᠂ ᠳᠠᠭᠤᠤ ᠤᠷᠠᠯᠢᠭ ‍ᠤᠨ ᠠᠶᠠᠨ ᠢᠶᠡᠨ ᠦᠷᠭᠦᠯᠵᠢᠯᠡᠭᠦᠯᠬᠦ ᠶ᠋ᠢᠨ ᠬᠠᠮᠲᠤ ᠤᠷᠠᠯᠢᠭ ‍ᠤᠨ ᠲᠠᠯ᠎ᠠ ᠳ᠋ᠤ ᠰᠢᠨ᠎ᠡ ᠲᠠᠨᠢᠯᠲᠠ ᠲᠠᠢ ᠪᠣᠯᠵᠤ ᠡᠬᠢᠯᠡᠭᠰᠡᠨ ᠭᠡᠳᠡᠭ ᠃
     2011 ᠣᠨ ᠳ᠋ᠤ ᠥᠨᠳᠥᠷ ᠲᠤ ᠳᠡᠪᠳᠡᠷᠢᠬᠦ ᠤᠷᠠᠯᠢᠭᠴᠢᠨ ᠬᠦᠰᠡᠯ ᠳ᠋ᠤ ᠪᠠᠨ ᠠᠪᠲᠠᠵᠤ ᠂ ᠣᠯᠠᠮ ᠨᠢᠭᠡ ᠠᠯᠬᠤᠮ ᠥᠪᠡᠷ ‍ᠢ ᠪᠠᠨ ᠲᠡᠭᠦᠯᠳᠡᠷᠵᠢᠭᠦᠯᠬᠦ ᠶ᠋ᠢᠨ ᠡᠭᠦᠳᠡᠨ ᠡᠴᠠ ᠲᠡᠷᠡ ᠤᠯᠤᠰ ‍ᠤᠨ ᠨᠡᠶᠢᠰᠯᠡᠯ ᠪᠡᠭᠡᠵᠢᠩ ‍ᠢ ᠵᠣᠷᠢᠵᠤ《 ᠴᠢᠨ᠋ᠸ᠎ᠠ ᠲᠣᠲ᠋ᠸᠮ 》ᠤᠷᠠᠯᠢᠭ ‍ᠤᠨ ᠪᠦᠯᠬᠦᠮ ᠳ᠋ᠤ ᠲᠤᠰᠬᠠᠢ ᠳᠠᠭᠤᠴᠢᠨ ᠢᠶᠠᠷ ᠠᠵᠢᠯᠯᠠᠪᠠ ᠃
     ᠨᠢᠭᠡᠨ ᠤᠳᠠᠭᠠᠨ ‍ᠤ ᠠᠵᠠ ᠲᠠᠢ ᠲᠣᠬᠢᠶᠠᠯ ᠢᠶᠠᠷ ᠲᠡᠷᠡ ᠥᠪᠥᠷ ᠮᠣᠩᠭᠣᠯ ᠣᠷᠣᠨ ‍ᠤ ᠵᠠᠯᠠᠭᠤ ᠤᠷᠠᠨ ᠪᠦᠲᠦᠭᠡᠯᠴᠢ ᠂ ᠨᠡᠷᠡᠲᠦ ᠬᠥᠭᠵᠢᠮ ‍ᠤᠨ ᠵᠣᠬᠢᠶᠠᠯᠴᠢ ᠂ ᠬᠥᠭᠡᠮᠡᠶᠢᠴᠢ ᠪᠠᠶᠠᠨ ᠲᠠᠢ ᠲᠠᠨᠢᠯᠴᠠᠵᠤ ᠂ ᠲᠡᠭᠦᠨ ‍ᠤ ᠥᠪᠡᠷᠮᠢᠴᠠ ᠳᠠᠭᠤ ᠬᠣᠭᠣᠯᠠᠢ ᠬᠢᠭᠡᠳ ᠳᠠᠭᠤᠯᠠᠬᠤ ᠮᠡᠷᠭᠡᠵᠢᠯ ‍ᠤᠨ ᠰᠠᠭᠤᠷᠢ ᠶ᠋ᠢ ᠪᠠᠬᠠᠷᠬᠠᠭᠰᠠᠨ ᠪᠠᠶᠠᠨ ᠲᠡᠭᠦᠨ ‍ᠤ ᠨᠤᠲᠤᠭ ᠲᠤ ᠪᠡᠶ᠎ᠡ ᠪᠠᠷ ᠢᠶᠡᠨ ᠬᠦᠷᠴᠦ ᠂ ᠨᠤᠲᠤᠭ ‍ᠤᠨ ᠬᠢᠨ ᠰᠠᠶᠢᠬᠠᠨ ᠠᠭᠤᠯᠠ ᠬᠠᠶᠢᠷᠬᠠᠨ ᠂ ᠤᠰᠤ ᠮᠥᠷᠡᠨ ‍ᠢ ᠨᠢ ᠪᠠᠬᠠᠷᠬᠠᠨ ᠲᠣᠭᠣᠵᠤ ᠂《 ᠪᠣᠷᠣᠲᠠᠯ᠎ᠠ ᠮᠢᠨᠢ ᠠᠮᠤᠭᠤᠯᠠᠩ 》᠂《 ᠷᠠᠰᠢᠶᠠᠲᠤ ᠶ᠋ᠢᠨ ᠠᠭᠤᠯᠠ 》ᠬᠡᠮᠡᠬᠦ ᠬᠣᠶᠠᠷ ᠳᠠᠭᠤᠤ ᠶ᠋ᠢ ᠦᠭᠡ ᠲᠠᠢ ᠂ ᠠᠶ᠎ᠠ ᠲᠠᠢ ᠨᠢ ᠬᠠᠮᠲᠤ ᠪᠢᠴᠢᠨ ᠥᠭᠴᠦ ᠂ ᠲᠤᠰᠬᠠᠢ ᠴᠣᠮᠣᠭ ᠭᠠᠷᠭᠠᠯᠭᠠᠭᠰᠠᠨ ᠪᠠᠶᠢᠨ᠎ᠠ ᠃
     ᠲᠡᠶᠢᠨ ᠬᠦ ᠥᠪᠡᠷ ‍ᠤᠨ ᠠᠩᠬᠠᠨ ‍ᠤ ᠴᠣᠮᠣᠭ ᠢᠶᠡᠨ ᠠᠮᠵᠢᠯᠲᠠ ᠲᠠᠢ ᠬᠢᠭᠰᠡᠨ ᠢᠶᠠᠷ ᠲᠡᠭᠦᠨ ‍ᠤ ᠳᠠᠭᠤᠤ ᠰᠢᠨᠵᠢᠶᠠᠩ ᠂ ᠥᠪᠥᠷ ᠮᠣᠩᠭᠣᠯ ᠂ ᠪᠡᠭᠡᠵᠢᠩ ᠵᠡᠷᠭᠡ ᠭᠠᠵᠠᠷ ᠣᠷᠣᠨ ‍ᠤ ᠰᠣᠨᠣᠰᠣᠭᠴᠢᠳ ᠬᠢᠭᠡᠳ ᠮᠣᠩᠭᠣᠯ ᠤᠯᠤᠰ ‍ᠤᠨ ᠰᠣᠨᠣᠰᠣᠭᠴᠢᠳ ‍ᠤᠨ ᠰᠣᠨᠣᠷ ‍ᠢ ᠮᠢᠯᠢᠶᠠᠵᠤ ᠂ ᠰᠠᠶᠢᠰᠢᠶᠠᠯ ‍ᠢ ᠬᠦᠷᠲᠡᠵᠦ ᠶᠠᠪᠤᠭᠰᠠᠨ ‍ᠤ ᠬᠠᠮᠲᠤ ᠪᠣᠷᠣᠲᠠᠯ᠎ᠠ ᠶ᠋ᠢᠨ ᠡᠯᠢᠭᠡᠨ ᠡᠴᠠ ᠳᠡᠪᠳᠡᠷᠢᠨ ᠨᠢᠰᠦᠭᠰᠡᠨ ᠨᠢᠭᠡᠨ ᠤᠷᠠᠯᠢᠭ ‍ᠤᠨ ᠣᠳᠣ ᠶ᠋ᠢ ᠢᠩᠬᠢᠵᠦ ᠨᠡᠩ ᠥᠨᠳᠥᠷ ᠠᠮᠵᠢᠯᠲᠠ ᠶ᠋ᠢᠨ ᠵᠦᠭ ᠲᠡᠮᠡᠦᠯᠡᠬᠦ ᠬᠦᠰᠡᠯ ᠢᠲᠡᠭᠡᠯ ᠲᠠᠢ ᠪᠣᠯᠭᠠᠭᠰᠠᠨ ᠪᠢᠯᠡ ᠃ 
     ᠮᠣᠩᠭᠣᠯ ᠦᠬᠢᠨ ‍ᠤ ᠬᠠᠲᠠᠭᠤᠵᠢᠯᠲᠤ ᠴᠢᠷᠮᠠᠶᠢᠯᠭ᠎ᠠ ᠂ ᠳᠤᠷ᠎ᠠ ᠪᠠᠬ᠎ᠠ ᠪᠠᠨ ᠭᠡᠰᠡᠨ ᠢᠳᠡ ᠬᠦᠴᠦ ᠂ ᠥᠪᠡᠷ ‍ᠢ ᠪᠠᠨ ᠳᠡᠭᠡᠭᠰᠢᠯᠡᠭᠦᠯᠬᠦ ᠭᠡᠰᠡᠨ ᠵᠣᠷᠢᠭ ᠰᠠᠨᠠᠭ᠎ᠠ ᠨᠢ ᠬᠡᠵᠢᠶᠡᠳᠡ ᠲᠡᠭᠦᠨ ‍ᠢ ᠤᠷᠤᠭᠰᠢ ᠳᠠᠪᠰᠢᠭᠤᠯᠵᠤ ᠂ ᠰᠢᠯᠢᠳᠡᠭ ᠤᠷᠠᠯᠢᠭᠴᠢᠨ ᠪᠣᠯᠬᠤ ᠶ᠋ᠢᠨ ᠬᠢᠨ ᠮᠥᠩᠬᠡ ᠶ᠋ᠢᠨ ᠬᠥᠭᠥᠷᠭᠡ ᠪᠣᠯᠵᠤ ᠪᠠᠶᠢᠳᠠᠭ ᠃

                                         ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄