ᠠᠯᠳᠠᠷᠲᠤ ᠳᠠᠭᠤᠴᠢᠨ ᠲᠡᠭᠷᠢ

ᠤᠩᠰᠢᠭᠰᠠᠨ ᠤᠳᠠᠭ᠎ᠠ ᠄ 1268    ᠨᠡᠶᠢᠳᠡᠯᠡᠭᠰᠡᠨ ᠴᠠᠭ ᠄ 2016-03-18

       ᠲᠡᠭᠷᠢ ᠂ ᠮᠣᠩᠭᠣᠯ ᠦᠨᠳᠦᠰᠦᠲᠡᠨ ‍ᠤ ᠠᠯᠳᠠᠷᠲᠤ ᠳᠠᠭᠤᠴᠢᠨ ᠂ ᠤᠯᠤᠰ ‍ᠤᠨ ᠨᠢᠭᠡᠳᠦᠭᠡᠷ ᠳᠡᠰ ‍ᠤᠨ ᠲᠣᠭᠯᠠᠭᠴᠢ ᠂ ᠲᠥᠷᠥ ᠶ᠋ᠢᠨ ᠰᠣᠶᠣᠷᠬᠠᠯᠲᠤ ᠠᠯᠳᠠᠷᠲᠤ ᠳᠠᠭᠤᠴᠢᠨ ᠂ ᠠᠯᠳᠠᠷᠲᠤ ᠠᠶᠠᠯᠭᠤ ᠵᠣᠬᠢᠶᠠᠭᠴᠢ ᠂ ᠵᠦᠴᠦᠭᠡᠴᠢᠨ ᠂ ᠲᠥᠪ ‍ᠤᠨ ᠦᠨᠳᠦᠰᠦᠲᠡᠨ ‍ᠤ ᠳᠠᠭᠤᠤ ᠪᠥᠵᠢᠭ ‍ᠤᠨ ᠪᠦᠯᠬᠦᠮ ‍ᠤᠨ ᠳᠡᠳ᠋ ᠳᠠᠷᠤᠭ᠎ᠠ ᠂ ᠳᠤᠮᠳᠠᠳᠤ ᠤᠯᠤᠰ ‍ᠤᠨ ᠳᠠᠭᠤᠤ ᠬᠥᠭᠵᠢᠮᠴᠢᠳ ‍ᠤᠨ ᠨᠡᠶᠢᠭᠡᠮᠯᠢᠭ ‍ᠤᠨ ᠬᠡᠷᠡᠭ ᠮᠡᠳᠡᠭᠴᠢ ᠂ ᠠᠽᠢᠶ᠎ᠠ ᠲᠢᠪ ‍ᠤᠨ ᠬᠠᠮᠤᠭ ‍ᠤᠨ ᠬᠦᠷᠢᠶᠡᠯᠡᠯᠲᠡᠢ ᠳᠠᠭᠤᠴᠢᠨ ᠂ ᠪᠦᠬᠦ ᠤᠯᠤᠰ ‍ᠤᠨ ᠬᠠᠮᠤᠭ ‍ᠤᠨ ᠰᠢᠯᠢᠳᠡᠭ ᠡᠰᠲ᠋ᠡᠷᠡᠲ ᠳᠠᠭᠤᠴᠢᠨ ᠂ ᠬᠠᠮᠤᠭ ‍ᠤᠨ ᠰᠢᠯᠢᠳᠡᠭ ᠳᠠᠭᠤᠤ ᠶ᠋ᠢᠨ ᠴᠣᠮᠣᠭ ᠭᠠᠷᠭᠠᠭᠰᠠᠨ ᠳᠠᠭᠤᠴᠢᠨ ᠃
      1960 ᠣᠨ ᠳ᠋ᠤ ᠣᠷᠳᠣᠰ ᠬᠣᠲᠠ ᠶ᠋ᠢᠨ ᠣᠲᠣᠭ ᠬᠣᠰᠢᠭᠤᠨ ᠳ᠋ᠤ ᠲᠥᠷᠥᠵᠡᠢ ᠃ 1975 ᠣᠨ ᠳ᠋ᠤ ᠥᠪᠥᠷ ᠮᠣᠩᠭᠣᠯ ‍ᠤᠨ ᠤᠷᠠᠯᠢᠭ ‍ᠤᠨ ᠰᠤᠷᠭᠠᠭᠤᠯᠢ ᠳ᠋ᠤ ᠰᠢᠯᠭᠠᠨ ᠣᠷᠣᠵᠣ ᠰᠣᠷᠣᠯᠴᠠᠨ ᠂ 1979 ᠣᠨ ᠳ᠋ᠤ ᠳᠤᠮᠳᠠᠳᠤ ᠤᠯᠤᠰ ‍ᠤᠨ ᠳᠠᠭᠤᠤ ᠬᠥᠭᠵᠢᠮ ‍ᠤᠨ ᠳᠡᠭᠡᠳᠦ ᠰᠤᠷᠭᠠᠭᠤᠯᠢ ᠳ᠋ᠤ ᠬᠦᠷᠴᠦ ᠰᠣᠷᠣᠯᠴᠠᠪᠠ ᠃
      1980 ᠣᠨ ᠳ᠋ᠤ ᠲᠢᠶᠠᠨᠵᠢᠨ ‍ᠤ ᠳᠠᠭᠤᠤ ᠬᠥᠭᠵᠢᠮ ‍ᠤᠨ ᠳᠡᠭᠡᠳᠦ ᠰᠤᠷᠭᠠᠭᠤᠯᠢ ᠳ᠋ᠤ ᠰᠢᠯᠭᠠᠨ ᠣᠷᠣᠵᠣ ᠂ 1985 ᠣᠨ ᠳ᠋ᠤ ᠰᠤᠷᠤᠯᠭ᠎ᠠ ᠪᠠᠨ ᠠᠮᠵᠢᠯᠲᠠ ᠲᠠᠢ ᠲᠡᠭᠦᠰᠬᠡᠪᠡ ᠃
      1986 ᠣᠨ ᠳ᠋ᠤ《 ᠪᠢ ᠮᠣᠩᠭᠣᠯ ᠬᠥᠮᠥᠨ 》ᠭᠡᠳᠡᠭ ᠳᠠᠭᠤᠤ ᠪᠠᠨ ᠵᠣᠬᠢᠶᠠᠨ ᠳᠠᠭᠤᠯᠠᠵᠤ ᠂ ᠠᠷᠠᠳ ᠲᠦᠮᠡᠨ ‍ᠤ ᠪᠠᠨ ᠳᠤᠮᠳᠠ ᠠᠯᠳᠠᠷ ᠨᠡᠷ᠎ᠡ ᠮᠠᠨᠳᠤᠪᠠ ᠃
      1989 ᠣᠨ ᠳ᠋ᠤ ᠤᠯᠤᠰ ‍ᠤᠨ ᠰᠣᠶᠣᠯ ‍ᠤᠨ ᠶᠠᠮᠤᠨ ᠡᠴᠠ ᠡᠷᠬᠢᠯᠡᠭᠰᠡᠨ ᠪᠦᠬᠦ ᠤᠯᠤᠰ ‍ᠤᠨ ᠤᠷᠤᠰᠬᠠᠯᠲᠤ ᠳᠠᠭᠤᠤ ᠶ᠋ᠢᠨ ᠰᠢᠯᠢᠳᠡᠭ ᠳᠠᠭᠤᠴᠢᠨ ᠰᠢᠯᠭᠠᠷᠠᠭᠤᠯᠬᠤ ᠲᠡᠮᠡᠴᠡᠭᠡᠨ ᠳ᠋ᠤ ᠣᠷᠣᠯᠴᠠᠨ《 ᠠᠷᠪᠠᠨ ᠰᠣᠳᠣᠨ 》 ᠳᠠᠭᠤᠴᠢᠨ ᠢᠶᠠᠷ ᠰᠣᠩᠭᠣᠭᠳᠠᠭᠰᠠᠨ ᠢᠶᠠᠷ ᠪᠠᠷᠠᠬᠤ ᠦᠭᠡᠢ ᠨᠢᠭᠡᠳᠦᠭᠡᠷ ᠨᠡᠷ᠎ᠡ ᠳ᠋ᠤ ᠵᠢᠭᠰᠠᠭᠠᠭᠳᠠᠪᠠ ᠃
      1990 ᠣᠨ ᠳ᠋ᠤ ᠤᠯᠠᠭᠠᠨᠪᠠᠭᠠᠲᠤᠷ ᠬᠣᠲᠠ ᠳ᠋ᠤ ᠪᠣᠯᠣᠭᠰᠠᠨ ᠪᠦᠬᠦ ᠳᠡᠯᠡᠬᠡᠢ ᠶ᠋ᠢᠨ ᠤᠷᠤᠰᠬᠠᠯᠲᠤ ᠳᠠᠭᠤᠤ ᠶ᠋ᠢᠨ ᠶᠡᠬᠡ ᠱᠠᠩᠨᠠᠯᠲᠤ ᠤᠷᠤᠯᠳᠤᠭᠠᠨ ᠳ᠋ᠤ ᠬᠠᠮᠤᠭ ‍ᠤᠨ ᠳᠡᠭᠡᠳᠦ ᠱᠠᠩᠨᠠᠯ ‍ᠢ ᠲᠣᠰᠪᠠ ᠃
      1991 ᠣᠨ ᠳ᠋ᠤ ᠲᠡᠭᠦᠨ ‍ᠤ ᠥᠪᠡᠷ ᠢᠶᠡᠨ ᠦᠭᠡ ᠂ ᠠᠶ᠎ᠠ ᠵᠣᠬᠢᠶᠠᠵᠤ ᠳᠠᠭᠤᠯᠠᠭᠰᠠᠨ《 ᠠᠪᠤ ᠪᠢᠳᠡ ᠬᠣᠶᠠᠷ 》ᠬᠡᠮᠡᠬᠦ ᠪᠦᠲᠦᠭᠡᠯ ᠨᠢ ᠠᠽᠢᠶ᠎ᠠ ᠲᠢᠪ ᠤᠨ ᠬᠣᠶᠠᠳᠤᠭᠠᠷ ᠬᠣᠭᠣᠴᠠᠭᠠᠨ ‍ᠤ ᠳᠠᠭᠤᠤ ᠬᠥᠭᠵᠢᠮ ‍ᠤᠨ ᠰᠣᠶᠣᠯ ‍ᠤᠨ ᠨᠠᠶᠢᠷ ᠲᠤ ᠰᠢᠯᠦᠭ ᠵᠣᠬᠢᠶᠠᠯ ᠤᠷᠠᠨ ᠪᠦᠲᠦᠭᠡᠯ ‍ᠤᠨ ᠬᠠᠮᠤᠭ ‍ᠤᠨ ᠳᠡᠭᠡᠳᠦ ᠱᠠᠩᠨᠠᠯ ‍ᠢ ᠬᠦᠷᠲᠡᠪᠡ ᠃
      1992 ᠣᠨ ᠳ᠋ᠤ ᠲᠠᠶᠢᠸᠠᠨ ᠳ᠋ᠤ ᠬᠦᠷᠴᠦ ᠬᠤᠪᠢ ᠬᠥᠮᠥᠨ ‍ᠤ ᠲᠤᠰᠬᠠᠢ ᠲᠣᠭᠯᠠᠯᠲᠠ ᠪᠠᠨ ᠬᠢᠪᠡ ᠃ ᠮᠥᠨ ᠵᠢᠯ ᠮᠣᠩᠭᠣᠯ ᠤᠯᠤᠰ ‍ᠤᠨ《 ᠠᠯᠲᠠᠨ ᠭᠠᠷᠤᠳᠢ 》ᠱᠠᠩᠨᠠᠯ ‍ᠢ ᠲᠣᠰᠪᠠ ᠃
      1993 ᠣᠨ ‍ᠤ 3 ᠰᠠᠷ᠎ᠠ ᠳ᠋ᠤ ᠪᠦᠷᠳᠡ ᠴᠢᠨ᠋ᠸ᠎ᠠ ᠬᠠᠮᠲᠤᠯᠢᠭ ᠢ  ᠪᠠᠶᠢᠭᠤᠯᠵᠤ ᠂ ᠬᠠᠮᠲᠤᠯᠢᠭ ‍ᠤᠨ ᠠᠬᠠᠯᠠᠭᠴᠢ ᠵᠢᠴᠢ ᠭᠣᠣᠯ ᠳᠠᠭᠤᠴᠢᠨ ᠪᠣᠯᠪᠠ ᠃
      1994 ᠣᠨ ᠳ᠋ᠤ《 ᠭᠠᠩᠭᠠᠩ ᠬᠠᠷ᠎ᠠ 》ᠬᠡᠮᠡᠬᠦ  ᠺᠢᠨᠣ᠋ ᠶ᠋ᠢᠨ ᠭᠣᠣᠯ ᠳᠦᠷᠢ ᠶ᠋ᠢ ᠲᠣᠭᠯᠠᠵᠤ ᠂ ᠭᠣᠣᠯ ᠳᠠᠭᠤᠤ ᠶ᠋ᠢ ᠳᠠᠭᠤᠯᠠᠨ ᠂ ᠡᠭᠦᠨ ‍ᠤ ᠳᠠᠭᠠᠤ ᠪᠦᠬᠦᠶᠢᠯᠡ ᠳᠠᠭᠤᠤ ᠬᠥᠭᠵᠢᠮ ‍ᠤᠨ ᠵᠣᠬᠢᠶᠠᠨ ᠪᠦᠲᠦᠭᠡᠯᠭᠡ ᠵᠢᠴᠢ ᠰᠢᠩᠭᠡᠭᠡᠯᠲᠡ ᠶ᠋ᠢᠨ ᠠᠵᠢᠯ ‍ᠢ ᠬᠠᠷᠢᠭᠤᠴᠠᠪᠠ ᠂ ᠲᠤᠰ ᠺᠢᠨᠣ᠋ ᠨᠢ 19 ᠳ᠋ᠤᠭᠡᠷ ᠬᠤᠭᠤᠴᠠᠭᠠᠨ ‍ᠤ ᠣᠯᠠᠨ ᠤᠯᠤᠰ ‍ᠤᠨ ᠺᠢᠨᠣ᠋ ᠶ᠋ᠢᠨ ᠨᠠᠶᠢᠷ ᠲᠤ ᠬᠠᠮᠤᠭ ᠰᠢᠯᠢᠳᠡᠭ ᠳᠠᠭᠤᠤ ᠬᠥᠭᠵᠢᠮ ‍ᠤᠨ ᠱᠠᠩᠨᠠᠯ ‍ᠢ  ᠬᠦᠷᠲᠡᠭᠰᠡᠨ ᠪᠠᠶᠢᠨ᠎ᠠ ᠃

       2000 ᠣᠨ ᠳ᠋ᠤ ᠵᠸᠵᠢᠶᠠᠩ ᠮᠤᠵᠢ ᠶ᠋ᠢᠨ ᠬᠠᠩᠵᠸᠦ ᠬᠣᠲᠠ ᠳ᠋ᠤ ᠪᠣᠯᠣᠭᠰᠠᠨ ᠳᠤᠮᠳᠠᠳᠤ ᠤᠯᠤᠰ ‍ᠤᠨ ᠳᠠᠭᠤᠤ ᠬᠥᠭᠵᠢᠮ ᠤᠷᠠᠯᠢᠭ ‍ᠤᠨ ᠲᠸᠯᠸᠢᠰ ᠦᠨᠡᠯᠡᠭᠡ ᠶ᠋ᠢᠨ ᠠᠬᠤᠢ ᠲᠠᠯᠠᠪᠠᠢ ᠳ᠋ᠤ ᠲᠡᠭᠦᠨ ‍ᠤ ᠥᠪᠡᠷ ‍ᠤᠨ ᠪᠦᠲᠦᠭᠡᠯ ᠪᠣᠯᠬᠤ 《 ᠳ᠋ᠸᠪᠡᠵᠡᠨ 》︵ 《天堂 》 ︶ ᠬᠡᠮᠡᠬᠦ ᠳᠠᠭᠤᠤ ᠨᠢ ᠬᠠᠮᠤᠭ ‍ᠤᠨ ᠰᠢᠯᠢᠳᠡᠭ ᠳᠠᠭᠤᠤ ᠵᠢᠴᠢ ᠬᠠᠮᠤᠭ ‍ᠤᠨ ᠰᠢᠯᠢᠳᠡᠭ ᠳᠠᠭᠤᠯᠠᠭᠠᠴᠢ ᠶ᠋ᠢᠨ ᠱᠠᠩᠨᠠᠯ ‍ᠢ ᠲᠤᠰ ᠲᠤᠰ ᠲᠣᠰᠪᠠ ᠃
       2002 ᠣᠨ ‍ᠤ 4 ᠰᠠᠷ᠎ᠠ ᠳ᠋ᠤ《 ᠨᠡᠶᠢᠰᠯᠡᠯ ᠬᠣᠲᠠ ᠶ᠋ᠢᠨ ᠣᠶᠤᠲᠠᠳ ‍ᠤᠨ ᠨᠣᠭᠣᠭᠠᠨ ᠥᠩᠭᠡ ᠶ᠋ᠢᠨ  ᠡᠯᠴᠢᠨ ᠵᠢᠴᠢ《 ᠬᠠᠶᠢᠷ᠎ᠠ ᠶ᠋ᠢᠨ ᠡᠯᠴᠢᠨ 》ᠪᠣᠯᠵᠤ ᠦᠨᠡᠮᠯᠡᠯ ᠭᠠᠷᠳᠠᠵᠠᠢ ᠃
      ᠮᠣᠩᠭᠣᠯ ᠦᠨᠳᠦᠰᠦᠲᠡᠨ ‍ᠤ ᠪᠠᠨ ᠠᠯᠳᠠᠷ ᠨᠡᠷ᠎ᠡ ᠶ᠋ᠢ ᠥᠨᠳᠥᠷ ᠲᠤ ᠮᠠᠨᠳᠤᠭᠤᠯᠵᠤ ᠂ ᠮᠣᠩᠭᠣᠯ ᠳᠠᠭᠤᠤ ᠤᠷᠠᠯᠢᠭ ‍ᠤᠨ ᠷᠢᠳᠢ ᠰᠢᠳᠢ ᠶ᠋ᠢ  ᠣᠯᠠᠨ᠎ᠠ ᠲᠠᠨᠢᠭᠤᠯᠵᠤ ᠴᠢᠳᠠᠭᠰᠠᠨ ᠢᠶᠠᠷ ᠢᠶᠡᠨ ᠳᠠᠭᠤᠴᠢᠨ ᠲᠡᠭᠷᠢ ᠮᠠᠨᠢ ᠣᠨᠴᠠᠯᠢᠭᠳᠠᠵᠤ ᠂ 《 ᠳᠠᠭᠤᠴᠢᠨ ᠲᠡᠭᠷᠢ 》ᠭᠡᠪᠡᠯ ᠲᠠᠨᠢᠬᠤ ᠦᠭᠡᠢ ᠬᠥᠮᠥᠨ ᠪᠠᠷᠤᠭ ᠪᠠᠶᠢᠳᠠᠭ ᠦᠭᠡᠢ ᠠᠵᠠᠢ ᠃ ᠲᠡᠭᠦᠨ ‍ᠤ ᠳᠠᠭᠤᠯᠠᠭᠰᠠᠨ《 ᠪᠢ ᠮᠣᠩᠭᠣᠯ ᠬᠥᠮᠥᠨ 》᠂《 ᠭᠡᠷ ᠲᠤ ᠪᠠᠨ ᠬᠠᠷᠢᠭᠰᠠᠨ ᠦᠳᠡᠰᠢ 》᠂《 ᠮᠢᠨᠤ ᠡᠵᠢ ᠮᠠᠯᠴᠢᠨ ᠬᠥᠮᠥᠨ 》᠂《 ᠬᠥᠬᠡ ᠮᠣᠩᠭᠣᠯ ᠨᠤᠲᠤᠭ 》᠂《 ᠳ᠋ᠸᠪᠡᠵᠡᠨ 》ᠵᠡᠷᠭᠡ ᠳᠠᠭᠤᠤ ᠨᠢ ᠣᠳᠣ ᠪᠣᠯᠲᠠᠯ᠎ᠠ ᠰᠡᠳᠬᠢᠯ ᠵᠢᠷᠦᠬᠡᠨ ᠳ᠋ᠤ ᠮᠢᠨᠢ ᠬᠠᠳᠠᠩᠰᠢᠨ ᠂ ᠳᠠᠭᠤᠨ ᠳ᠋ᠤ ᠮᠢᠨᠢ ᠳᠠᠭᠤᠯᠠᠭᠳᠠᠵᠤ ᠂ ᠴᠢᠬᠢᠨ ᠳ᠋ᠤ ᠮᠢᠨᠢ ᠳᠤᠭᠤᠯᠳᠠᠭᠰᠠᠭᠠᠷ ᠁

 
                                         ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ

 

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄