ᠮᠣᠩᠭᠣᠯ ᠤᠨᠢᠰᠣᠭ᠎ᠠ ( ᠨᠢᠭᠡ )

ᠤᠩᠰᠢᠭᠰᠠᠨ ᠤᠳᠠᠭ᠎ᠠ ᠄ 1215    ᠨᠡᠶᠢᠳᠡᠯᠡᠭᠰᠡᠨ ᠴᠠᠭ ᠄ 2016-02-17

ᠣᠶᠡᠨ ᠲᠠᠭᠤ ᠲᠠᠢ
ᠤᠳᠡᠰᠣᠨ ᠬᠣᠭᠣᠯᠠᠢ ᠲᠠᠢ
               ︵ ᠬᠣᠭᠣᠷ ︶
ᠬᠣᠭᠣᠯᠠᠢ ᠦᠭᠡᠢ ᠪᠠᠶᠢᠭᠠᠳ ᠲᠠᠭᠤ ᠲᠠᠢ
ᠰᠣᠨᠣᠰᠬᠤ ᠦᠭᠡᠢ ᠪᠠᠶᠢᠭᠠᠳ ᠴᠢᠬᠢ ᠲᠠᠢ
ᠰᠣᠬᠣᠷ ᠪᠠᠶᠢᠭᠠᠳ ᠨᠢᠳᠦ ᠲᠠᠢ
ᠰᠣᠮᠦ ᠦᠭᠡᠢ ᠪᠠᠶᠢᠭᠠᠳ ᠨᠣᠮᠦ ᠲᠠᠢ
               ︵ ᠮᠣᠷᠢᠨ ᠬᠣᠭᠣᠷ ︶
ᠨᠢᠳᠣᠷᠭ᠎ᠠ ᠶ᠋ᠢᠨ ᠴᠢᠨᠡᠭᠡ ᠪᠡᠶ᠎ᠡ ᠲᠠᠢ
ᠨᠤᠲᠤᠭ ᠳᠦᠭᠦᠷᠡᠩ ᠲᠠᠭᠤ ᠲᠠᠢ
               ︵ ᠲᠤᠩ ︶

ᠠᠭᠠᠷᠤ ᠽᠠᠨᠳᠠᠨ ᠨᠠᠪᠴᠢ ᠦᠭᠡᠢ ᠬᠠᠭᠣᠷᠡᠢ

ᠠᠷᠰᠯᠠᠨ ᠤ ᠲᠣᠯᠣᠭᠠᠢ ᠲᠠᠷᠢᠬᠢ ᠦᠭᠡᠢ ᠬᠠᠭᠣᠷᠡᠢ
ᠠᠷᠦ ᠶ᠋ᠢᠨ ᠭᠣᠷᠪᠠᠨ ᠰᠣᠳᠠᠯ ᠣᠰᠦ ᠦᠭᠡᠢ ᠬᠠᠭᠣᠷᠡᠢ
               ︵ ᠱᠡᠡᠵᠨ ︶
ᠰᠦᠬᠡ ᠶ᠋ᠢᠨ ᠴᠢᠨᠡᠭᠡ ᠪᠡᠶ᠎ᠡ ᠲᠠᠢ
ᠰᠦᠨ ᠳᠠᠯᠠᠢ ᠲᠠᠭᠤ ᠲᠠᠢ
               ︵ ᠪᠦᠷᠢᠶ᠎ᠡ ︶
ᠠᠷᠦ ᠶ᠋ᠢᠨ ᠬᠤᠤᠠᠳᠣᠭ ᠣᠰᠦ ᠦᠭᠡᠢ ᠬᠠᠭᠣᠷᠡᠢ
ᠠᠷᠰᠯᠠᠨ ᠤ ᠲᠣᠯᠣᠭᠠᠢ ᠴᠢᠰᠤ ᠦᠭᠡᠢ ᠬᠠᠭᠣᠷᠡᠢ
              ︵ ᠬᠡᠩᠭᠡᠷᠭᠡ︶
ᠴᠢᠮᠬᠢᠬᠦ ᠮᠢᠬ᠎ᠠ ᠦᠭᠡᠢ

ᠴᠢᠰ ᠬᠢᠭᠰᠡᠨ ᠲᠠᠭᠣ ᠲᠠᠢ
              ︵ ᠴᠠᠩ ︶

ᠬᠠᠪᠠ ᠨᠣᠬᠠᠢ

ᠲᠡᠮᠦᠷ ᠬᠡᠯᠡ ᠲᠠᠢ
              ︵ ᠬᠣᠩᠬᠣ ︶
ᠭᠡᠳᠡᠭᠡᠷ ᠪᠠᠨᠳᠢ ᠶ᠋ᠢᠨ

ᠲᠣᠯᠣᠭᠠᠢ ᠨᠢ ᠶᠡᠬᠡ
              ︵ ᠬᠡᠩᠭᠡᠷᠭᠡ ᠶ᠋ᠢᠨ ᠲᠣᠬᠢᠭᠣᠷ ︶
ᠭᠡᠨᠳᠠᠨ ᠪᠠᠨᠳᠢ

ᠭᠡᠳᠡᠰᠦ ᠪᠡᠷ ᠢᠶ᠋ᠡᠨ ᠳᠤᠤᠭᠠᠷᠳᠠᠭ
              ︵ ᠲᠠᠮᠡᠷᠦ ︶

ᠭᠦᠶᠦᠮᠡᠯ ᠰᠢᠷᠡᠭᠡ

ᠰᠠᠭᠤᠮᠠᠯ ᠨᠣᠶᠠᠨ
              ︵ ᠮᠣᠷᠢᠲᠠᠢ ᠬᠥᠮᠥᠨ ︶
ᠠᠪᠳᠠᠷ᠎ᠠ ᠳᠦᠭᠦᠷᠡᠩ 

ᠠᠬᠠᠢ ᠪᠢᠴᠢᠭ 
              ︵ ᠬᠥᠮᠥᠨ ‍ᠤ ᠤᠬᠠᠭᠠᠨ ︶
ᠡᠷᠬᠡ ᠮᠥᠩᠭᠥᠨ ᠴᠤᠤᠵᠢ
ᠪᠡᠷᠬᠡ ᠮᠥᠩᠭᠥᠨ ᠲᠦᠯᠬᠢᠭᠦᠷ ᠲᠠᠢ
              ︵ ᠣᠶᠤᠨ ᠤᠬᠠᠭᠠᠨ ︶
ᠠᠷᠪᠠᠨ ᠰᠠᠶᠢᠨ ᠨᠦᠬᠦᠷ
ᠬᠥᠮᠥᠨ ᠪᠦᠷᠢ ᠳ᠋ᠤ ᠪᠠᠶᠢᠳᠠᠭ
              ︵ ᠠᠷᠪᠠᠨ ᠬᠤᠷᠤᠭᠤ ︶

ᠴᠢᠮᠠᠳᠤ ᠦᠵᠡᠭᠳᠡᠬᠦ ᠦᠭᠡᠢ ᠮᠦᠷᠲᠡᠭᠡᠨ
ᠴᠢᠮᠠᠢ ᠴᠣᠬᠢᠭᠠᠳ ᠤᠨᠠᠭᠠᠴᠢᠬᠠᠨ᠎ᠠ
              ︵ ᠨᠣᠶᠢᠷ ︶
ᠣᠢ ᠮᠦᠷᠡᠨ ‍ᠢ ᠬᠡᠲᠦᠯᠦᠭᠰᠡᠨ ᠴᠦ
ᠣᠶᠢᠮᠤᠰᠤ ᠱᠠᠬᠠᠢ ᠨᠣᠷᠣᠭᠰᠠᠨ ᠦᠭᠡᠢ
ᠣᠷᠣᠭ ᠰᠠᠷᠠᠯ ‍ᠢ ᠠᠯᠠᠭᠰᠠᠨ ᠴᠦ
ᠤᠷᠤᠭᠤᠯ ᠠᠮᠠ ᠲᠣᠰᠣᠳᠠᠭᠰᠠᠨ ᠦᠭᠡᠢ
ᠣᠭᠲᠠᠷᠭᠤᠢ ᠳ᠋ᠤ ᠵᠢᠭᠦᠷ ᠦᠭᠡᠢ ᠨᠢᠰᠦᠭᠰᠡᠨ ᠴᠦ
ᠣᠶᠢᠴᠢᠵᠤ ᠦᠬᠦᠭᠰᠡᠨ ᠣᠰᠣᠯ ᠦᠭᠡᠢ
ᠣᠷᠴᠢᠯᠠᠩ ᠳ᠋ᠤ ᠠᠶᠤᠯ ᠦᠭᠡᠢ ᠲᠡᠨᠦᠭᠰᠡᠨ ᠴᠦ
ᠣᠷᠣᠨ ᠡᠴᠠ ᠪᠠᠨ ᠬᠥᠳᠡᠯᠦᠭᠰᠡᠨ ᠤᠴᠢᠷ ᠦᠭᠡᠢ
              ︵ ᠵᠡᠭᠦᠳᠦ ︶

ᠦᠰᠦ ᠲᠠᠢ ᠦᠰᠦ ᠦᠭᠡᠢ ᠬᠣᠶᠠᠷ
ᠦᠦᠷ ᠴᠠᠶᠢᠲᠠᠯ᠎ᠠ ᠨᠣᠴᠣᠯᠳᠣᠨ᠎ᠠ
              ︵ ᠳᠡᠷ᠎ᠡ ᠲᠣᠯᠣᠭᠠᠢ ᠬᠣᠶᠠᠷ ︶

ᠨᠠᠷᠢᠨ ᠰᠠᠶᠢᠬᠠᠨ ᠰᠢᠨᠠ ᠳᠡᠭᠡᠷ᠎ᠡ
ᠨᠠᠪᠴᠢ ᠦᠭᠡᠢ ᠰᠢᠯᠤᠭᠤᠨ ᠡᠪᠡᠰᠦ
              ︵ ᠰᠠᠬᠠᠯ ︶
ᠬᠣᠨᠢᠨ ᠴᠢᠨᠡᠭᠡ ᠴᠠᠭᠠᠨ ᠬᠠᠳᠠᠨ ᠳ᠋ᠤ
ᠬᠣᠩᠭᠣᠷ ᠤᠯᠠᠭᠠᠨ ᠦᠨᠡᠭᠡ ᠬᠠᠪᠴᠢᠭᠳᠠᠪᠠ
ᠦᠨᠡᠭᠡ ᠭᠠᠷᠬᠤ ᠶ᠋ᠢ ᠶᠠᠭᠠᠷᠠᠬᠤ ᠦᠭᠡᠢ ᠪᠠᠶᠢᠲᠠᠯ᠎ᠠ
ᠥᠨᠥᠬᠢ ᠬᠠᠳᠠ ᠭᠠᠷᠭᠠᠬᠤ ᠶ᠋ᠢ ᠶᠠᠭᠠᠷᠠᠨ᠎ᠠ
              ︵ ᠰᠢᠳᠦᠨ ᠳ᠋ᠤ ᠮᠢᠬ᠎ᠠ ᠣᠷᠣᠬᠣ ︶

 

 

 

 

 

      
       

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄