ᠬᠠᠳᠠᠭ ᠭᠦᠨᠳᠤᠯᠡᠭᠦ ᠶᠤᠰᠤᠨ

ᠤᠩᠰᠢᠭᠰᠠᠨ ᠤᠳᠠᠭ᠎ᠠ ᠄ 923    ᠨᠡᠶᠢᠳᠡᠯᠡᠭᠰᠡᠨ ᠴᠠᠭ ᠄ 2016-01-13

    ᠮᠤᠩᠭᠤᠯᠴᠤᠳ ᠡᠷᠳᠠ ᠲᠡᠬᠡᠷ᠎ᠡ ᠦᠶ᠎ᠡ ᠡᠴᠠ ᠬᠠᠳᠠᠭ ‍ᠢ ᠡᠷᠬᠢᠮᠯᠡᠭᠰᠡᠬᠡᠷ ᠢᠷᠡᠵᠡᠢ ᠃ ᠬᠠᠳᠠᠭ ᠨᠢ ᠲᠦᠪᠡᠳ ᠢᠶᠠᠷ《 ᠦᠩᠬᠡ 》ᠬᠡᠰᠡᠨ ᠤᠳᠬ᠎ᠠ ᠲᠠᠢ ᠦᠬᠡ ᠃ ᠬᠠᠳᠠᠭ ᠦᠭᠭᠦ ᠳ᠋ᠡᠭᠡᠨ ᠬᠠᠳᠠᠭ ‍ᠤᠨ ᠠᠮᠨ ᠶ᠋ᠢ ᠲᠤᠬᠠᠢ ᠶ᠋ᠢᠨ ᠭᠦᠮᠤᠨ ‍ᠤ ᠪᠠᠨ ᠦᠬᠡᠳᠠ ᠡᠴᠠ ᠬᠠᠷᠠᠭᠤᠯᠤᠨ ᠬᠤᠶᠠᠷ ᠭᠠᠷ ᠢᠶᠠᠷ ᠢᠶᠡᠨ ᠦᠭᠳᠡᠭ ᠨᠢ《 ᠠᠷᠢᠭᠤᠨ ᠰᠠᠶᠢᠬᠠᠨ ᠰᠠᠳᠬᠢᠯ ‍ᠤᠨ ᠡᠭᠦᠳᠠᠨ ᠡᠴᠠ ᠪᠠᠷᠢᠵᠤ ᠪᠠᠶᠢᠭ᠎ᠠ ᠪᠡᠯᠡᠭ ᠂ ᠲᠠᠨ ᠳ᠋ᠤ ᠦᠯᠵᠡᠢ ᠲᠠᠢ ᠪᠤᠯᠤᠭ ᠂ ᠪᠢᠳᠠᠨ ‍ᠤ ᠡᠶ᠎ᠡ ᠡᠪ ᠬᠤᠶᠢᠰᠢᠳᠠ ᠴᠤ ᠴᠡᠪᠡᠷ ᠠᠷᠢᠭᠤᠨ ᠪᠠᠶᠢᠨ᠎ᠠ 》ᠬᠡᠰᠡᠨ ᠤᠳᠬ᠎ᠠ ᠲᠠᠢ ᠠᠵᠠᠢ ᠃ ᠬᠠᠳᠠᠭ ‍ᠢ ᠬᠤᠶᠠᠷ ᠭᠠᠷ ᠲᠠᠭᠠᠨ ᠠᠪᠤᠭᠠᠳ ᠲᠤᠯᠤᠭᠠᠢ ᠲᠠᠯ᠎ᠠ ᠶ᠋ᠢ ᠨᠢ ᠪᠠᠷᠠᠭᠤᠨ ᠭᠠᠷ ᠲᠡᠬᠡᠷ᠎ᠡ ᠪᠠᠨ ᠲᠠᠯᠪᠢᠳᠠᠭ ᠃ ᠡᠨᠡ ᠨᠢ ᠬᠠᠳᠠᠭ ‍ᠤᠨ ᠬᠡ ᠲᠤᠯᠤᠭᠠᠢ ᠶ᠋ᠢ ᠲᠤᠷᠤᠭᠰᠢ ᠬᠠᠷᠠᠭᠤᠯᠳᠠᠭ ᠦᠭᠡᠢ ᠲᠠᠢ ᠬᠤᠯᠪᠤᠭ᠎ᠠ ᠲᠠᠢ ᠃ ᠬᠠᠷᠢᠨ ᠭᠠᠰᠢᠭᠤᠳᠠᠯ ‍ᠤᠨ ᠬᠠᠳᠠᠭ ‍ᠢ ᠡᠪᠬᠡᠵᠤ ᠦᠭᠳᠡᠭ ᠃ ᠬᠠᠳᠠᠭ ‍ᠢ ᠪᠤᠩᠬᠤᠨ ᠳ᠋ᠤ ᠬᠢᠳᠡᠭ ᠶᠤᠰᠤ ᠤᠭᠳᠤ ᠦᠭᠡᠢ ᠶᠤᠮ ᠃ ᠬᠠᠳᠠᠭ ᠨᠢ ᠴᠠᠭᠠᠨ ᠂ ᠭᠦᠬᠡ ᠂ ᠰᠢᠷ᠎ᠠ ᠂ ᠤᠯᠠᠭᠠᠨ ᠂ ᠨᠤᠭᠤᠭᠠᠨ ᠬᠡᠰᠡᠨ ᠦᠨᠳᠤᠰᠤᠨ ᠲᠠᠪᠤᠨ ᠦᠩᠬᠡ ᠲᠠᠢ ᠪᠠᠶᠢᠳᠠᠭ ᠪᠠ ᠲᠤᠰ ᠲᠤᠰ ᠲᠠᠭᠠᠨ ᠵᠠᠩ ᠦᠢᠯᠨ ᠂ ᠪᠡᠯᠬᠡᠳᠡᠯ ‍ᠢ ᠠᠭᠤᠯᠳᠠᠭ ᠪᠠᠶᠢᠨ᠎ᠠ ᠃        
    ᠴᠠᠭᠠᠨ ᠦᠩᠬᠡ ᠶ᠋ᠢᠨ ᠬᠠᠳᠠᠭ ᠄《 ᠲᠡᠬᠡᠳᠤ ᠶ᠋ᠢᠨ ᠰᠢᠳᠢ ᠪᠦᠲᠦᠭᠡᠯ》 ᠪᠡᠯᠬᠡᠳᠡᠭᠦ ᠪᠦᠬᠡᠳ ᠡᠷᠳᠡᠮ ᠨᠤᠮ ‍ᠤᠨ ᠤᠷᠬᠢᠯ ᠳ᠋ᠤ ᠭᠦᠷᠭᠦ ᠮᠦᠨ ᠴᠢᠨᠡᠷ ‍ᠤᠨ ᠪᠡᠯᠬᠡᠳᠡᠯ ᠠᠭᠤᠯᠤᠭᠰᠡᠨ ᠪᠠᠶᠢᠳᠠᠭ ᠃ ᠶᠡᠬᠡᠪᠴᠢᠯᠡᠨ ᠨᠤᠮ ‍ᠤᠨ ᠦᠢᠯᠨ ᠳ᠋ᠤ ᠬᠡᠷᠡᠭᠯᠡᠳᠡᠭ ᠠᠵᠠᠢ ᠃      
    ᠰᠢᠷ᠎ᠠ ᠦᠩᠬᠡ ᠶ᠋ᠢᠨ ᠬᠠᠳᠠᠭ ᠄《 ᠲᠡᠯᠬᠡᠷᠡᠩᠭᠦᠢ ᠶ᠋ᠢᠨ ᠦᠢᠯᠨ 》 ᠶ᠋ᠢᠨ ᠢᠳᠠ ᠰᠢᠳᠢ ᠶ᠋ᠢ ᠪᠡᠯᠬᠡᠳᠡᠭᠦ ᠪᠠ ᠨᠠᠰᠤ ᠪᠤᠶᠠᠨ ᠂ ᠡᠷᠳᠡᠮ ᠴᠢᠳᠠᠯ ‍ᠤᠨ ᠭᠦᠴᠤ ᠶ᠋ᠢ ᠠᠭᠤᠯᠳᠠᠭ ᠃ ᠶᠡᠬᠡᠪᠴᠢᠯᠡᠨ ᠱᠠᠰᠢᠨ ᠪᠤᠯᠤᠨ ᠭᠦᠨᠳᠤᠳᠬᠡᠯ ‍ᠤᠨ ᠦᠢᠯᠨ ᠳ᠋ᠤ ᠪᠠᠷᠢᠳᠠᠭ ᠪᠠᠶᠢᠨ᠎ᠠ ᠃      
    ᠭᠦᠬᠡ ᠦᠩᠬᠡ ᠶ᠋ᠢᠨ ᠬᠠᠳᠠᠭ ᠄《 ᠠᠮᠢᠷᠠᠯᠠᠭᠤᠯᠬᠤᠢ ᠦᠢᠯᠨ 》 ᠶ᠋ᠢᠨ ᠰᠢᠳᠢ ᠶ᠋ᠢ ᠪᠡᠯᠬᠡᠳᠡᠭᠦ ᠪᠠ ᠡᠪᠡᠳᠴᠢᠨ ᠂ ᠠᠳᠠ ᠪᠠᠷᠴᠢᠳ ‍ᠢ ᠲᠠᠷᠤᠬᠤ ᠶ᠋ᠢᠨ ᠰᠢᠳᠤᠬᠡᠨ ᠪᠠᠷᠢᠯᠳᠤᠯᠭ᠎ᠠ ᠪᠤᠯᠳᠠᠭ ᠃ ᠪᠠᠰᠠ ᠨᠠᠶᠢᠳᠠ ᠶ᠋ᠢᠨ ᠭᠦᠨᠳᠤᠳᠬᠡᠯ ‍ᠤᠨ ᠵᠠᠩ ᠦᠢᠯᠨ ᠳ᠋ᠤ ᠬᠡᠷᠡᠭᠯᠡᠳᠡᠭ ᠃      
    ᠤᠯᠠᠭᠠᠨ ᠦᠩᠬᠡ ᠶ᠋ᠢᠨ ᠬᠠᠳᠠᠭ ᠄《 ᠡᠷᠢᠬᠡᠨ ᠦᠢᠯᠨ 》 ᠶ᠋ᠢᠨ ᠢᠳᠠ ᠰᠢᠳᠢ ᠶ᠋ᠢ ᠪᠡᠯᠬᠡᠳᠡᠭᠦ ᠪᠠ ᠡᠨᠡ ᠨᠢ ᠠᠯᠳᠠᠷ ᠨᠡᠷ᠎ᠡ ᠲᠡᠭᠦᠰ ᠡᠳ᠋ᠯᠡᠯ ‍ᠤᠨ ᠪᠠᠶᠠᠯᠢᠭ ᠬᠤᠷᠠᠬᠤᠶᠢᠴᠠ ᠰᠢᠳᠤᠬᠡᠨ ᠪᠠᠷᠢᠯᠳᠤᠯᠭ᠎ᠠ ᠲᠠᠢ ᠂ ᠡᠶᠢᠮᠤ ᠳ᠋ᠡᠭᠡᠨ ᠲᠦᠷᠤ ᠶ᠋ᠢᠨ ᠶᠡᠬᠡᠰ ᠲᠡᠬᠡᠳᠤᠰ ᠲᠤ ᠪᠠᠷᠢᠬᠤ ᠪᠠ ᠭᠦᠨᠳᠤᠳᠬᠡᠯ ‍ᠤᠨ ᠢᠳᠡᠬᠡ ᠶ᠋ᠢ ᠪᠦᠳᠡᠬᠡᠳᠡᠭ ᠪᠠᠶᠢᠨ᠎ᠠ ᠃         
    ᠨᠤᠭᠤᠭᠠᠨ ᠦᠩᠬᠡ ᠶ᠋ᠢᠨ ᠬᠠᠳᠠᠭ ᠄《 ᠬᠠᠳᠠᠭᠤ ᠦᠢᠯᠨ 》 ᠶ᠋ᠢᠨ ᠰᠢᠳᠢ ᠶ᠋ᠢ ᠪᠡᠯᠬᠡᠳᠡᠭᠦ ᠪᠠ ᠲᠠᠶᠢᠰᠤᠨ ᠂ ᠰᠠᠭᠠᠳ ᠲᠦᠳᠬᠡᠷ ᠂ ᠠᠳᠠ ᠴᠢᠳᠭᠦᠷ ‍ᠢ ᠵᠠᠶᠢᠯᠠᠭᠤᠯᠬᠤ ᠶ᠋ᠢᠨ ᠭᠦᠴᠤ ᠶ᠋ᠢ ᠬᠠᠶᠢᠷᠠᠯᠠᠳᠠᠭ ᠂ ᠱᠠᠰᠢᠨ ‍ᠤ ᠬᠠᠳᠠᠭᠤ ᠦᠢᠯᠨ ᠶ᠋ᠢᠨ ᠲᠠᠭᠠᠤᠬᠠᠯ ᠳ᠋ᠤ ᠪᠠᠷᠢᠳᠠᠭ ᠪᠠᠶᠢᠵᠠᠢ ᠃        
                           《 ᠬᠣᠯᠪᠤᠭ᠎ᠠ ᠰᠦᠯᠵᠢᠶ᠎ᠡ 》ᠡᠴᠡ ᠰᠢᠯᠵᠢᠭᠦᠯᠪᠡ ᠃

 

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄