ᠮᠤᠩᠭᠤᠯ ᠭᠡᠷ ‍ᠤᠨ ᠦᠯᠢᠭᠡᠷ

ᠤᠩᠰᠢᠭᠰᠠᠨ ᠤᠳᠠᠭ᠎ᠠ ᠄ 986    ᠨᠡᠶᠢᠳᠡᠯᠡᠭᠰᠡᠨ ᠴᠠᠭ ᠄ 2016-01-08

     ᠮᠤᠩᠭᠤᠯ ‍ᠤᠨ ᠳᠡᠭᠡᠳᠦ ᠡᠪᠦᠭᠡ ᠬᠡᠭᠡᠷ᠎ᠡ ᠪᠠᠷ ᠭᠡᠷ ᠂ ᠬᠡᠴᠡ ᠪᠠᠷ ᠳᠡᠷ᠎ᠡ ᠬᠢᠵᠦ ᠶᠠᠪᠤᠭᠰᠨ ᠦᠨᠢ ᠡᠷᠲᠡᠨ ‍ᠤ ᠦᠶ᠎ᠡ ᠶᠤᠮ ᠭᠡᠨ᠎ᠡ ᠃ ᠬᠦᠬᠡ ᠴᠡᠩᠬᠡᠷ ᠳᠡᠭᠡᠪᠦᠷ ᠲᠠᠢ ᠂ ᠬᠦᠷᠦᠰᠦᠲᠦ ᠨᠤᠭᠤᠭᠠᠨ ᠳᠡᠪᠢᠰᠬᠡᠷ ᠲᠠᠢ ᠂ ᠤᠷᠴᠢᠯᠠᠩ ᠳᠡᠯᠡᠬᠡᠢ ᠬᠡᠮᠡᠬᠦ ᠤᠭᠤᠰᠦᠷ ᠪᠦᠴᠡ ᠦᠭᠡᠢ ᠨᠢᠭᠡᠨ ᠶᠡᠬᠡ ᠭᠡᠷ ᠲᠤ ᠬᠦᠮᠤᠨ ᠠᠮᠢᠲᠠᠨ ᠪᠤᠭᠦᠳᠡᠭᠡᠷ ᠢᠶᠡᠨ ᠠᠮᠢᠳᠦᠷᠠᠳᠠᠭ ᠪᠠᠶᠢᠵᠠᠢ ᠃    
     ᠲᠡᠭᠡᠲᠡᠯ᠎ᠡ ᠶᠠᠭᠤᠨ ᠡᠴᠡ ᠪᠤᠯᠤᠭᠰᠠᠨ ‍ᠢ ᠪᠤᠦ ᠮᠡᠳᠡ ᠃ ᠨᠢᠭᠡ ᠯᠡ ᠮᠡᠳᠡᠬᠦ ᠳ᠋ᠤ ᠬᠤᠭᠤᠷᠤᠨᠳᠦ ᠪᠠᠨ ᠮᠠᠭᠤᠳᠠᠯᠴᠠᠨ ᠤᠷᠠᠯᠴᠠᠵᠤ ᠂ ᠬᠦᠴᠦᠲᠠᠢ ᠨᠢ ᠬᠦᠴᠦ ᠦᠭᠡᠢ ᠪᠠᠨ ᠪᠠᠷᠢᠵᠤ ᠢᠳᠡᠬᠦ ᠳ᠋ᠤ ᠬᠦᠷᠪᠡ ᠭᠡᠨ᠎ᠡ ᠃ ᠠᠮᠢᠲᠠᠨ ᠮᠦᠷ ᠮᠦᠷ ᠢᠶᠡᠨ ᠬᠦᠭᠡᠭᠡᠨ ᠰᠠᠯᠵᠦ ᠂ ᠵᠠᠷᠢᠮ ᠨᠢ ᠭᠠᠵᠠᠷ ᠨᠦᠬᠡᠯᠡᠨ ᠰᠢᠷᠭᠤᠯᠠᠵᠦ ᠂ ᠨᠢᠭᠡ ᠭᠡᠰᠡᠭ ᠨᠢ ᠮᠤᠳᠤᠨ ᠤ ᠤᠷᠤᠢ ᠳ᠋ᠥ ᠭᠡᠷ ᠲᠠᠢ ᠪᠤᠯᠵᠠᠢ ᠃ ᠭᠠᠵᠠᠷ ᠮᠠᠯᠲᠠᠬᠤ ᠬᠢᠮᠤᠰᠦ ᠂ ᠤᠰᠤᠨ ᠳ᠋ᠤ ᠰᠡᠯᠢᠬᠦ ᠰᠡᠯᠢᠭᠦᠷ ᠂ ᠲᠡᠭᠷᠢ ᠳ᠋ᠤ ᠨᠢᠰᠬᠦ ᠵᠢᠭᠦᠷ ᠬᠦᠮᠤᠨ ᠳ᠋ᠤ ᠪᠠᠶᠢᠭᠰᠠᠨ ᠦᠭᠡᠢ ᠃ ᠬᠠᠷᠢᠨ ᠬᠢᠴᠢᠶᠡᠪᠡᠯ ᠪᠦᠬᠦᠨ ‍ᠢ ᠬᠢᠵᠦ ᠴᠢᠳᠠᠬᠤ ᠤᠶᠤᠨ ᠤᠬᠠᠭᠠᠨ ᠲᠡᠭᠦᠨ ᠳ᠋ᠤ ᠵᠠᠶᠠᠭᠠᠵᠠᠢ ᠃   
     ᠲᠡᠷᠡ ᠴᠠᠭ ᠲᠤ ᠨᠠᠰᠤᠨ ᠦᠨᠳᠦᠷ ᠪᠤᠯᠲᠠᠯ᠎ᠠ ᠪᠠᠨ ᠤᠬᠠᠭᠠᠨ ᠡᠴᠡ ᠤᠨᠳᠤᠤ ᠦᠪ ᠬᠤᠷᠢᠶᠠᠭ᠎ᠠ ᠦᠭᠡᠢ ᠨᠢᠭᠡ ᠡᠪᠦᠭᠡᠨ ᠪᠠᠶᠢᠵᠦ ᠭᠡᠨ᠎ᠡ ᠃ ᠨᠢᠭᠡᠨ ᠡᠳᠤᠷ ᠳᠤᠯᠣᠭᠠᠨ ᠬᠦᠦ ᠳ᠋ᠤ ᠪᠠᠨ《 ᠶᠡᠬᠡ ᠭᠡᠷ ‍ᠤᠨ ᠦᠯᠢᠭᠡᠷ ᠢᠶᠠᠷ ᠪᠠᠭ᠎ᠠ ᠭᠡᠷ ‍ᠢ ᠪᠠᠷᠢᠵᠣ ᠪᠣᠯᠣᠨ᠎ᠠ 》ᠭᠡᠬᠦ ᠳᠦ ᠬᠦᠪᠡᠭᠦᠳ ᠨᠢ ᠪᠣᠳᠣᠭᠠᠳ ᠪᠣᠳᠣᠭᠠᠳ ᠣᠴᠢᠷ ‍ᠢ ᠦᠯᠦ ᠣᠯᠪᠠ ᠭᠡᠨ᠎ᠡ ᠃ ᠡᠪᠦᠭᠡᠨ ᠬᠠᠨᠠᠷᠠᠨ ᠬᠦᠷᠢᠶᠡᠯᠡᠭᠰᠡᠨ ᠡᠷᠬᠢᠨ ᠲᠣᠭᠣᠷᠢᠨ ‍ᠤ ᠠᠭᠣᠯᠠᠰ ‍ᠢ ᠲᠠᠭᠣᠷᠢᠶᠠᠯᠭᠠᠨ ᠪᠣᠷᠭᠠᠰᠣᠨ ᠬᠠᠨ᠎ᠠ ᠬᠢᠪᠠ ᠃ ᠴᠠᠰᠣᠨ ᠰᠢᠭᠣᠷᠭᠠᠨ ᠳᠦ ᠳᠬᠠᠭᠠᠭᠳᠠᠳᠠᠭ ᠂ ᠴᠠᠭ ‍ᠤᠨ ᠰᠠᠶᠢᠬᠠᠨ ᠳᠦ ᠨᠡᠭᠡᠭᠡᠭᠳᠡᠳᠡᠭ ᠡᠮᠦᠨ᠎ᠡ ᠶ᠋ᠢᠨ ᠬᠠᠪᠴᠢᠯ ᠡᠴᠡ ᠰᠠᠨᠠᠭ᠎ᠠ ᠠᠪᠴᠣ ᠬᠠᠭᠠᠯᠭ᠎ᠠ ᠣᠷᠠᠯᠠᠪᠠ ᠃ ᠴᠢᠩᠬ᠎ᠠ ᠲᠡᠭᠡᠷ᠎ᠡ ᠭᠣᠣᠯᠯᠠᠭᠰᠠᠨ ᠦᠳᠡ ᠶ᠋ᠢᠨ ᠨᠠᠷᠠᠨ ᠡᠴᠡ ᠲᠣᠭᠣᠨᠣ ᠂ ᠠᠯᠳᠠᠨ ᠰᠠᠴᠣᠷᠠᠭ ᠡᠴᠡ ᠨᠢ ᠣᠨᠢ ᠂ ᠠᠭᠣᠯᠠ ᠶ᠋ᠢᠨ ᠠᠷᠣ ᠡᠴᠡ ᠣᠷᠭᠣᠭᠰᠠᠨ ᠮᠠᠨᠠᠨ ᠪᠣᠳᠠᠩ ᠡᠴᠡ ᠲᠣᠭᠣᠷᠭ᠎ᠠ ᠂ ᠲᠡᠭᠡᠭᠦᠷ ᠪᠦᠷᠭᠦᠭᠰᠡᠨ ᠵᠣᠵᠠᠭᠠᠨ ᠡᠭᠦᠯᠡᠰ ᠡᠴᠡ ᠲᠡᠭᠡᠪᠦᠷ ᠬᠢᠬᠦ ᠰᠠᠨᠠᠭ᠎ᠠ ᠣᠯᠵᠠᠢ ᠃ ᠲᠦᠰᠢᠯᠳᠦᠨ ᠬᠠᠩᠬᠠᠶᠢᠭᠰᠠᠨ ᠠᠭᠣᠯᠠ ᠨᠢᠷᠣᠭᠣᠳ ‍ᠤᠨ ᠠᠷᠣ ᠦᠪᠦᠷ ‍ᠢᠶ᠋ᠡᠷ ᠶᠡᠬᠡ ᠰᠠᠯᠬᠢ ᠡᠷᠴᠢᠯᠡᠨ ᠡᠷᠬᠢᠵᠣ ᠪᠠᠶᠢᠭ᠎ᠠ ᠳ᠋ᠠ ᠬᠡᠵᠣ ᠪᠣᠳᠣᠪᠠ ‍ᠦᠦ ᠳ᠋ᠠ ᠬᠢᠯᠭᠠᠰᠣ ᠲᠠᠮᠣᠵᠣ ᠪᠦᠰᠡᠯᠡᠭᠦᠷ ᠬᠢᠪᠠ ᠃ ᠲᠡᠭᠡᠭᠡᠳ ᠡᠪᠦᠭᠡᠨ ᠲᠣᠯᠣᠭᠠᠨ ᠭᠦᠦ ᠲᠠᠢ ᠪᠡᠨ ᠬᠠᠨ᠎ᠠ ᠪᠡᠨ ᠲᠡᠯᠭᠡᠵᠣ ᠂ ᠬᠠᠭᠠᠯᠭ᠎ᠠ ᠪᠡᠨ ᠪᠣᠰᠬᠠᠵᠣ ᠂ ᠲᠣᠭᠣᠨᠣ ᠪᠡᠨ ᠡᠭᠦᠷᠴᠣ ᠂ ᠣᠨᠢ ᠪᠡᠨ ᠡᠯᠭᠦᠵᠣ ᠂ ᠲᠣᠭᠣᠷᠭ᠎ᠠ ᠪᠡᠨ ᠪᠠᠷᠢᠵᠣ ᠂ ᠲᠡᠭᠡᠪᠦᠷ ᠢᠶᠡᠨ ᠲᠠᠯᠪᠢᠵᠣ ᠂ ᠪᠦᠰᠡᠯᠡᠭᠦᠷ ᠢᠶᠡᠨ ᠲᠠᠳᠠᠭᠠᠳ ᠪᠦᠮᠪᠦᠷᠴᠡᠭ ᠬᠡᠯᠪᠡᠷᠢ ᠲᠠᠢ ᠪᠦᠮᠪᠦᠭᠡᠷ ᠴᠠᠭᠠᠨ ᠭᠡᠷ ᠲᠠᠢ ᠪᠣᠯᠪᠠ ᠭᠡᠨ᠎ᠡ ᠃  
     ᠬᠠᠷᠢᠨ ᠮᠣᠩᠭᠣᠯᠴᠣᠳ ᠶᠠᠮᠠᠷ ᠴᠣ ᠴᠠᠭ ᠣᠷᠴᠢᠨ ᠳᠦ ᠲᠣᠬᠢᠷᠠᠮᠵᠢᠲᠠᠢ ᠮᠣᠩᠭᠣᠯ ᠭᠡᠷ ‍ᠤᠨ ᠢᠶᠡᠨ ᠲᠣᠬᠠᠢ ᠰᠣᠪᠢᠵᠣ ᠮᠡᠳᠡᠬᠦ ᠵᠦᠢᠯ ᠲᠣᠩ ᠠᠷᠪᠢᠨ ᠪᠠᠶᠢᠮᠠᠷ ᠰᠠᠨᠠᠭᠳᠠᠬᠣ ᠶᠣᠮ ᠃ ᠰᠣᠶᠣᠯ ᠭᠡᠭᠴᠢ ᠭᠡᠷᠡᠭᠴᠡᠭᠡᠨ ᠡᠴᠡ ᠪᠣᠯᠵᠣ ᠦᠪᠯᠡᠭᠳᠡᠳᠡᠭ ᠶᠣᠮ ᠰᠢᠦ ᠂ ᠮᠣᠩᠭᠣᠯᠴᠣᠳ ᠮᠢᠨᠢ ᠃ 

                      《 ᠬᠣᠯᠪᠤᠭ᠎ᠠ ᠰᠦᠯᠵᠢᠶ᠎ᠡ 》ᠡᠴᠡ ᠰᠢᠯᠵᠢᠭᠦᠯᠪᠡ ᠃

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄