ᠡᠪᠤᠯ ᠤᠨ ᠤᠯᠠᠷᠢᠯ ᠳᠤ ᠪᠡᠶ᠎ᠡ ᠪᠠᠨ ᠰᠤᠪᠢᠯᠠᠬᠤ ᠠᠷᠭ᠎ᠠ

ᠤᠩᠰᠢᠭᠰᠠᠨ ᠤᠳᠠᠭ᠎ᠠ ᠄ 911    ᠨᠡᠶᠢᠳᠡᠯᠡᠭᠰᠡᠨ ᠴᠠᠭ ᠄ 2015-12-29

     ᠡᠪᠤᠯ ᠤᠨ ᠤᠯᠠᠷᠢᠯ ᠪᠤᠯ ᠬᠦᠮᠦᠰ ᠨᠡᠶᠢᠳᠡᠮ ᠳ᠋ᠡᠭᠡᠨ ᠠᠮᠠ ᠂ ᠬᠠᠮᠠᠷ ᠂ ᠠᠷᠠᠰᠤ ᠵᠡᠷᠭᠡ ᠬᠠᠳᠠᠬᠤ ᠪᠠᠶᠢᠳᠠᠯ ᠭᠠᠷᠳᠠᠬ ᠃ ᠬᠢᠳᠠᠳ ᠡᠮᠨᠡᠯᠭᠡ ᠶ᠋ᠢᠨ ᠦᠭᠡ ᠪᠠᠷ ᠠᠭᠤᠰᠬᠢ ᠪᠤᠯᠤᠨ ᠤᠯᠠᠷᠢᠯ ᠤᠨ ᠬᠠᠷᠢᠴᠠᠭ᠎ᠠ ᠲᠤᠶᠢᠯ ᠤᠨ ᠨᠢᠬᠳᠠ ᠪᠠᠶᠢᠳᠠᠭ ᠃ ᠡᠢᠮᠦ ᠡᠴᠠ ᠠᠭᠤᠰᠬᠢ ᠶ᠋ᠢ ᠵᠦᠭᠡᠯᠡᠷᠡᠭᠦᠯᠦᠨ ᠰᠢᠯᠦᠰᠦ ᠲᠥᠷᠥᠬᠦ ᠦᠢᠯᠡᠳᠦᠯ ᠲᠠᠢ ᠢᠳᠡᠭᠡᠨ ᠢ ᠢᠯᠡᠬᠦᠦ ᠢᠳᠡᠪᠡᠯ ᠰᠠᠶᠢᠨ ᠶᠤᠮ ᠃       
     ᠤᠳᠤ ᠦᠶ᠎ᠠ ᠶ᠋ᠢᠨ ᠰᠢᠮ᠎ᠠ ᠲᠡᠵᠢᠭᠡᠯ ᠤᠨ ᠤᠬᠠᠭᠠᠨᠳᠠᠳ ᠤᠨ ᠲᠠᠨᠢᠯᠴᠠᠭᠤᠯᠤᠬᠰᠠᠨ ᠢᠶᠠᠷ ᠡᠪᠤᠯ ᠤᠨ ᠤᠯᠠᠷᠢᠯ  ᠳᠤ ᠵᠤᠬᠢᠷᠠᠬᠤ ᠢᠳᠡᠭᠡᠨ ᠪᠤᠯ᠄ ᠬᠠᠯᠠᠭᠤᠨ ᠴᠢᠨᠠᠷᠳᠠᠢ ᠮᠢᠬᠠᠨ ᠢᠳᠡᠭᠡᠨ ᠳᠤ ᠦᠭᠡᠷ ᠤᠨ ᠮᠢᠬ᠎ᠠ ᠂ ᠲᠠᠬᠢᠶᠠᠨ ᠮᠢᠬ᠎ᠠ ᠂ ᠶᠠᠰᠤᠳᠤ ᠮᠡᠯᠡᠭᠡᠢ ᠶ᠋ᠢᠨ ᠮᠢᠬ᠎ᠠ ᠂ ᠬᠤᠨᠢᠨ ᠮᠢᠬ᠎ᠠ ᠂ ᠰᠠᠮ ᠬᠤᠷᠤᠬᠠᠢ ᠵᠡᠷᠭᠡ ᠃ ᠢᠳᠡᠰᠢᠨ ᠨᠤᠭᠤᠭ᠎ᠠ ᠳᠤ ᠰᠢᠷ᠎ᠠ ᠪᠤᠷᠴᠠᠬ ᠂ ᠼᠠᠨᠳ᠋ᠸᠤ ᠂ ᠰᠢᠷ᠎ᠠ ᠯᠣᠣᠪᠠᠩ ᠂ ᠰᠤᠡᠭᠬᠢᠨ᠎ᠠ ᠂ ᠰᠠᠷᠢᠮᠰᠠᠬ ᠂ ᠭᠤᠭᠤᠳ ᠂ ᠭᠠᠶᠢᠮᠤ ᠨᠤᠭᠤᠭ᠎ᠠ ᠂ ᠰᠢᠯᠢᠮᠳᠡᠭ ᠂ ᠦᠨᠦᠷᠳᠦ ᠨᠤᠭᠤᠭ᠎ᠠ ᠵᠡᠷᠭᠡ ᠪᠤᠢ᠃ ᠵᠢᠮᠢᠰ ᠪᠤᠯ ᠲᠠᠤᠯᠠᠢ ᠶ᠋ᠢᠨ ᠪᠦᠭᠡᠷ᠎ᠠ ᠂ ᠰᠢᠬᠢᠷᠯᠡᠭᠰᠡᠨ ᠭᠦᠢᠯᠡᠰᠦ ᠂ ᠵᠦᠷᠵᠢ ᠂ ᠵᠦᠷᠵᠢᠯᠢᠭ ᠵᠡᠷᠭᠡ ᠪᠤᠯᠤᠨ᠎ᠠ᠃ ᠡᠬᠦᠨ ᠡᠴᠠ ᠭᠠᠳᠠᠨ᠎ᠠ ᠪᠤᠷᠤᠮ᠎ᠠ ᠂ ᠬᠤᠨᠢᠨ ᠰᠦ ᠂ ᠰᠠᠮᠤᠷ ᠵᠡᠷᠭᠡ ᠶ᠋ᠢ ᠴᠤ ᠰᠤᠡᠭᠭᠤᠬᠤ ᠭᠡᠷᠡᠭᠳᠡᠢ ᠃ ᠲᠡᠭᠡᠪᠡᠯ ᠡᠪᠤᠯ ᠤᠨ ᠤᠯᠠᠷᠢᠯ  ᠳᠤ ᠴᠤᠬᠤᠮ ᠶᠠᠮᠠᠷ ᠢᠳᠡᠭᠡᠨ ᠢ ᠰᠤᠡᠭᠭᠤᠬᠤ ᠪᠤᠢ ︖      
     ᠯᠢᠩᠬᠤᠸ᠎ᠠ ᠶ᠋ᠢᠨ ᠦᠨᠳᠦᠰᠦ ᠂ ᠲᠦᠬᠦᠭᠡᠢ ᠯᠢᠩᠬᠤᠸ᠎ᠠ ᠶ᠋ᠢᠨ ᠦᠨᠳᠦᠰᠦ ᠬᠠᠯᠠᠭᠤᠨ ᠢ ᠬᠦᠭᠡᠭᠡᠵᠤ ᠂ ᠰᠢᠯᠦᠰᠦ ᠲᠦᠷᠦᠬᠦᠯᠦᠨ ᠂ ᠤᠮᠳᠠᠭᠠᠰᠬᠤ ᠶ᠋ᠢ ᠲᠠᠷᠤᠵᠤ ᠂ ᠪᠤᠯᠭᠤᠬᠰᠠᠨ ᠯᠢᠡᠭᠬᠤ᠎ᠠ ᠶ᠋ᠢᠨ ᠦᠨᠳᠦᠰᠦ ᠠᠭᠤᠰᠬᠢ ᠶ᠋ᠢ ᠴᠢᠬᠢᠷᠠᠬᠵᠢᠭᠤᠯᠤᠨ ᠂ ᠬᠤᠳᠤᠭᠤᠳᠤ ᠶ᠋ᠢ ᠰᠠᠶᠢᠵᠢᠷᠠᠭᠤᠯᠵᠤ ᠂ ᠴᠢᠰᠤ ᠶ᠋ᠢ ᠨᠡᠮᠡᠭᠳᠡᠬᠦᠯᠬᠦ ᠦᠢᠯᠡᠳᠦᠯ ᠲᠠᠢ ᠃
     ᠰᠢᠷ᠎ᠠ ᠮᠤᠭᠠᠢ ᠵᠢᠭᠠᠰᠤ ᠂ ᠨᠠᠮᠤᠷ ᠡᠪᠤᠯ ᠤᠨ ᠤᠯᠠᠷᠢᠯ  ᠳᠤ ᠰᠢᠷ᠎ᠠ ᠮᠤᠭᠠᠢ ᠵᠢᠭᠠᠰᠤ ᠢᠳᠡᠪᠡᠯ ᠂ ᠲᠠᠮᠢᠷ ᠢ ᠨᠦᠬᠦᠪᠦᠷᠢᠯᠡᠬᠦ ᠪᠠᠷ ᠪᠠᠷᠠᠬᠤ ᠦᠭᠡᠢ ᠪᠠᠰᠠ ᠴᠢᠰᠤᠨ ᠰᠢᠬᠢᠷ ᠢ ᠵᠤᠬᠢᠴᠠᠭᠤᠯᠬᠤ ᠦᠢᠯᠡᠳᠦᠯ ᠲᠠᠢ ᠃
     ᠲᠠᠤᠯᠠᠢ ᠶ᠋ᠢᠨ ᠪᠦᠭᠡᠷ᠎ᠠ ᠂ ᠲᠠᠤᠯᠠᠢ ᠶ᠋ᠢᠨ ᠪᠦᠭᠡᠷ᠎ᠠ ᠪᠤᠯ ᠲᠡᠯᠢᠬᠦᠦ ᠶ᠋ᠢ ᠴᠢᠬᠢᠷᠠᠬᠵᠢᠭᠤᠯᠤᠨ ᠂ ᠬᠠᠷ᠎ᠠ ᠪᠦᠭᠡᠷ᠎ᠠ ᠳᠤ ᠲᠤᠰᠠᠳᠠᠢ ᠃

     ᠤᠯᠠᠭᠠᠨ ᠴᠢᠪᠠᠭ᠎ᠠ ᠂ ᠤᠯᠠᠭᠠᠨ ᠴᠢᠪᠠᠭ᠎ᠠ ᠠᠭᠤᠰᠬᠢ ᠶ᠋ᠢ ᠰᠠᠶᠢᠵᠢᠷᠠᠭᠤᠯᠤᠨ ᠠᠮᠢᠰᠬᠤᠭ᠎ᠠ ᠶ᠋ᠢ ᠨᠦᠬᠦᠪᠦᠢᠷᠯᠡᠬᠦ  ᠦᠢᠯᠡᠳᠦᠯ ᠲᠠᠢ ᠃

     ᠴᠠᠭᠠᠨ ᠲᠠᠯᠳᠠᠤ ᠂ ᠲᠤᠷᠤᠬ ᠰᠠᠷᠠᠨ᠎ᠠ ᠂ ᠲᠦᠮᠦᠰᠦ ᠲᠠᠢ ᠬᠠᠮᠳᠤ ᠴᠢᠨᠠᠵᠤ ᠢᠳᠡᠪᠡᠯ ᠦᠢᠯᠡᠳᠦᠯ ᠨᠢ ᠨᠡᠡᠭ ᠰᠠᠶᠢᠨ ᠪᠠᠶᠢᠳᠠᠭ᠃ 

     ᠲᠠᠬᠢᠶᠠᠨ ᠱᠦᠯᠦ ᠂ ᠡᠪᠤᠯ ᠤᠨ ᠤᠯᠠᠷᠢᠯ ᠪᠤᠯ ᠮᠦᠭᠡᠷᠡᠰᠦᠨ ᠬᠣᠭᠣᠯᠠᠢ ᠶ᠋ᠢᠨ ᠦᠷᠪᠢᠰᠦᠯ ᠶᠡᠭᠡᠪᠡᠷ ᠡᠬᠦᠰᠬᠦ ᠤᠯᠠᠷᠢᠯ ᠪᠠᠶᠢᠵᠤ ᠂ ᠲᠡᠬᠦᠨ ᠢ ᠰᠡᠷᠭᠡᠶᠢᠯᠡᠬᠦ  ᠳᠤ ᠶᠠᠭᠤᠨ ᠤ ᠤᠷᠢᠳ ᠲᠠᠬᠢᠶᠠᠨ ᠱᠦᠯᠦ ᠤᠤᠭᠤᠬᠤ ᠨᠢ ᠰᠠᠶᠢᠨ ᠂ ᠭᠡᠤᠭᠡᠳ ᠲᠤ ᠪᠤᠯ ᠨᠡᠡᠭ ᠰᠠᠶᠢᠨ ᠪᠠᠶᠢᠳᠠᠭ ᠃
     ᠠᠮᠢᠳᠠᠨ ᠤ ᠲᠤᠳᠤᠷ ᠡᠷᠭᠡᠳᠡᠨ ᠂ ᠠᠮᠢᠳᠠᠨ ᠤ ᠡᠯᠢᠭᠡ ᠂ ᠪᠦᠭᠡᠷ᠎ᠠ ᠂ ᠵᠢᠷᠦᠭᠡ ᠲᠤᠳᠤᠷ ᠡᠷᠭᠡᠳᠡᠨ ᠠᠭᠤᠯᠵᠤ ᠪᠠᠶᠢᠭ᠎ᠠ ᠸᠢᠲ᠋ᠠᠮᠢᠨ ᠲᠤᠡᠭ ᠠᠷᠪᠢᠨ ᠪᠠᠶᠢᠳᠠᠭ ᠶᠤᠮ ᠃ ᠡᠪᠤᠯ ᠤᠨ ᠰᠡᠬᠦᠯᠴᠢ ᠬᠠᠪᠤᠷ ᠤᠨ ᠡᠬᠢ ᠪᠠᠷ ᠤᠷᠤᠭᠤᠯ ᠠᠮᠠ ᠨᠢ ᠬᠠᠳᠠᠵᠤ ᠂ ᠬᠢᠯᠪᠠᠷᠬᠠᠨ ᠵᠠᠪᠠᠵᠢ ᠶ᠋ᠢᠨ ᠦᠷᠪᠢᠰᠦᠯ ᠤᠯᠳᠠᠬ ᠂ ᠡᠨᠡ ᠨᠢ ᠸᠢᠲ᠋ᠠᠮᠢᠨ ᠲᠤᠳᠠᠬᠳᠠᠬᠰᠠᠨ ᠡᠴᠠ ᠪᠤᠯᠤᠬᠰᠠᠨ ᠶᠤᠮ ᠃  
     ᠬᠠᠶᠢᠳᠠᠢ ᠨᠤᠭᠤᠭ᠎ᠠ ᠂ ᠬᠠᠶᠢᠳᠠᠢ ᠨᠤᠭᠤᠭ᠎ᠠ  ᠳᠤ ᠢᠤᠳ᠋ ᠡᠯᠪᠡᠭ ᠠᠭᠤᠯᠤᠭᠳᠠᠵᠤ ᠂ ᠢᠤᠳ᠋ ᠡᠯᠪᠡᠭ ᠠᠬᠤᠭᠤᠯᠤᠬᠳᠠᠵᠤ ᠂ ᠢᠤᠳ᠋ ᠨᠢ ᠪᠠᠮᠪᠠᠢ ᠪᠤᠯᠴᠢᠷᠬᠠᠢ ᠶ᠋ᠢᠨ ᠬᠤᠷᠮᠤᠨ ᠤ ᠨᠡᠶᠢᠯᠡᠯᠲᠡ ᠳᠦ ᠠᠰᠢᠬ ᠲᠠᠢ ᠪᠠᠶᠢᠵᠤ ᠂ ᠪᠠᠮᠪᠠᠢ ᠪᠤᠯᠴᠢᠷᠬᠠᠢ ᠶ᠋ᠢᠨ ᠬᠤᠷᠮᠤᠨ ᠨᠢ ᠬᠠᠯᠠᠭᠤᠨ ᠡᠬᠦᠰᠭᠡᠬᠦ ᠦᠢᠯᠡᠳᠦᠯ ᠲᠠᠢ ᠶᠤᠮ ᠃ ᠡᠶᠢᠮᠦ ᠡᠴᠠ ᠡᠪᠤᠯ ᠤᠨ ᠰᠡᠬᠦᠯᠴᠢ ᠬᠠᠪᠤᠷ ᠤᠨ ᠡᠬᠢ ᠪᠠᠷ ᠵᠤᠬᠢᠬᠤ ᠭᠡᠮᠵᠢᠶᠡᠨ ᠤ ᠬᠠᠶᠢᠳᠠᠢ ᠨᠤᠭᠤᠭ᠎ᠠ ᠢᠳᠡᠪᠡᠯ ᠰᠠᠶᠢᠨ ᠃                             
                 

                            ᠢᠷᠡᠯᠲᠡ ᠄ ᠬᠣᠯᠪᠤᠭ᠎ᠠ ᠰᠦᠯᠵᠢᠶ᠎ᠡ

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄