ᠦᠩᠭᠡ  ᠶᠢᠨ ᠪᠡᠯᠭᠡᠳᠡᠯ

ᠤᠩᠰᠢᠭᠰᠠᠨ ᠤᠳᠠᠭ᠎ᠠ ᠄ 1084    ᠨᠡᠶᠢᠳᠡᠯᠡᠭᠰᠡᠨ ᠴᠠᠭ ᠄ 2015-09-10

       ᠦᠩᠭᠡ  ᠶᠢᠨ ᠪᠡᠯᠭᠡᠳᠡᠯ ᠂ ᠶᠠᠮᠠᠷ ᠨᠢᠭᠡ ᠦᠩᠭᠡ  ᠶᠢ ᠲᠠᠭᠠᠰᠢᠶᠠᠨ ᠡᠷᠬᠢᠮᠯᠡᠬᠦ  ᠪᠠ ᠵᠢᠪᠡᠭᠦᠴᠡᠨ ᠴᠡᠭᠡᠷᠯᠡᠬᠦ  ᠵᠠᠩ ᠦᠢᠯᠡ ᠃ ᠠᠯᠢ ᠨᠢᠭᠡᠨ ᠦᠨᠳᠦᠰᠦᠲᠡᠨ ᠶᠠᠰᠣᠲᠠᠨ ᠤ ᠲᠡᠦᠬᠡ ᠂ ᠠᠵᠣ ᠠᠬᠣᠢ ᠂ ᠣᠯᠣᠰ ᠲᠦᠷᠦ ᠂ ᠰᠣᠶᠣᠯ ᠤᠨ ᠬᠦᠭᠵᠢᠯᠲᠡ  ᠶᠢᠨ ᠶᠠᠪᠣᠴᠠ ᠂ ᠱᠠᠰᠢᠨ ᠰᠣᠷᠲᠠᠬᠣᠨ ᠤ ᠦᠵᠡᠯᠲᠡ ᠂ ᠭᠠᠵᠠᠷ ᠵᠦᠢ  ᠶᠢᠨ ᠪᠠᠶᠢᠷᠢᠰᠢᠯ ᠂ ᠪᠠᠶᠢᠭᠠᠯᠢ  ᠶᠢᠨ ᠣᠷᠴᠢᠨ ᠲᠣᠭᠣᠷᠢᠨ  ᠠᠴᠠ ᠰᠢᠯᠲᠠᠭᠠᠯᠠᠵᠣ ᠶᠠᠮᠠᠷ ᠦᠩᠭᠡ  ᠶᠢ ᠲᠠᠭᠠᠰᠢᠶᠠᠬᠣ ᠪᠠ ᠵᠢᠪᠡᠭᠦᠴᠡᠬᠦ ᠨᠢ ᠲᠣᠰ ᠲᠣᠰ ᠤᠨ ᠣᠨᠴᠠᠯᠢᠭ ᠲᠠᠢ ᠪᠠᠶᠢᠳᠠᠭ ᠃ ᠬᠢᠲᠠᠳ ᠬᠦᠮᠦᠨ ᠣᠯᠠᠭᠠᠨ ᠂ ᠬᠠᠷ᠎ᠠ ᠂ ᠰᠠᠷᠠᠯ ᠂ ᠰᠢᠷ᠎ᠠ ᠦᠩᠭᠡ ᠶᠢ ᠡᠷᠬᠢᠮᠯᠡᠳᠡᠭ ᠪᠠᠶᠢᠬᠣ ᠳ᠋ᠤ ᠮᠣᠩᠭᠣᠯᠴᠣᠳ ᠪᠠ ᠲᠦᠪᠡᠳᠴᠣᠳ ᠪᠣᠯ  ᠴᠠᠭᠠᠨ ᠂ ᠰᠢᠷ᠎ᠠ ᠦᠩᠭᠡ  ᠶᠢ ᠢᠯᠡᠭᠦᠦ ᠡᠷᠬᠢᠮᠯᠡᠳᠡᠭ ᠃ ᠬᠣᠲᠣᠩ ᠪᠠ ᠣᠶᠢᠭᠣᠷ ᠬᠦᠮᠦᠨ ᠨᠣᠭᠣᠭᠠᠨ ᠦᠩᠭᠡᠨ ᠳ᠋ᠤ ᠳᠣᠷᠠᠲᠠᠢ ᠪᠠᠶᠢᠳᠠᠭ ᠃ ᠡᠭᠦᠨ ᠳ᠋ᠤ ᠣᠯᠠᠭᠠᠨ ᠦᠩᠭᠡ ᠨᠢ ᠭᠠᠯ ᠤᠨ ᠦᠩᠭᠡ ᠪᠣᠶᠣ ᠨᠠᠷᠠᠨ ᠤ ᠦᠩᠭᠡ ᠲᠠᠢ ᠢᠵᠢᠯ ᠪᠠᠶᠢᠳᠠᠭ ᠠᠴᠠ ᠭᠠᠯ ᠤᠨ ᠪᠣᠶᠣ ᠲᠡᠭᠷᠢ ᠶᠢᠨ ᠰᠢᠲᠦᠯᠭᠡ ᠲᠠᠢ ᠦᠨᠳᠦᠰᠦᠲᠡᠨ ᠨᠣᠭᠦᠳ ᠴᠦᠮ ᠡᠷᠬᠢᠮᠯᠡᠳᠡᠭ ᠪᠠᠶᠢᠵᠠᠢ ᠃ 

       ᠮᠣᠩᠭᠣᠯ ᠬᠦᠮᠦᠨ ᠭᠣᠣᠯ ᠲᠦᠯᠦᠪ ᠴᠠᠭᠠᠨ ᠂ ᠬᠦᠬᠡ ᠂ ᠰᠢᠷ᠎ᠠ ᠪᠠ ᠣᠯᠠᠭᠠᠨ ᠦᠩᠭᠡ  ᠶᠢ ᠡᠷᠬᠢᠮᠯᠡᠳᠡᠭ ᠵᠣᠷᠰᠢᠯ ᠲᠠᠢ ᠃ ᠡᠭᠦᠨ ᠳ᠋ᠤ ᠴᠠᠭᠠᠨ ᠪᠠ ᠬᠦᠬᠡ ᠦᠩᠭᠡ  ᠶᠢ ᠠᠯᠢ ᠡᠷᠲᠡᠨ  ᠠᠴᠠ ᠡᠷᠬᠢᠮᠯᠡᠭᠰᠡᠭᠡᠷ ᠢᠷᠡᠵᠡᠢ ᠃ ᠣᠯᠠᠭᠠᠨ ᠦᠩᠭᠡ  ᠶᠢ ᠪᠣᠯ ᠲᠠᠭᠠᠰᠢᠶᠠᠬᠣ ᠪᠠ ᠡᠰᠡ ᠲᠠᠭᠠᠰᠢᠶᠠᠬᠣ ᠲᠠᠯ᠎ᠠ ᠴᠦᠮ ᠪᠣᠢ ᠃ ᠨᠣᠭᠣᠭᠠᠨ ᠦᠩᠭᠡ  ᠶᠢ ᠪᠠᠬᠠᠷᠬᠠᠳᠠᠭ ᠪᠣᠯᠪᠠᠴᠣ ᠲᠡᠷᠡ ᠨᠢ ᠴᠠᠭᠠᠨ ᠪᠠ ᠬᠦᠬᠡ ᠦᠩᠭᠡ  ᠶᠢᠨ ᠬᠢᠷᠢ ᠴᠢᠬᠣᠯᠠᠴᠢᠯᠠᠭᠳᠠᠬᠣ ᠦᠭᠡᠢ ᠪᠠᠶᠢᠳᠠᠭ ᠃ ᠬᠠᠷ᠎ᠠ ᠦᠩᠭᠡ  ᠶᠢ ᠮᠣᠩᠭᠣᠯᠴᠣᠳ ᠪᠦᠭᠦᠳᠡᠭᠡᠷ ᠵᠢᠪᠡᠭᠦᠴᠡᠨ ᠴᠡᠭᠡᠷᠯᠡᠳᠡᠭ ᠃ ᠰᠠᠨᠠᠭ᠎ᠠ ᠮᠠᠭᠣ ᠬᠦᠮᠦᠨ  ᠢ 《 ᠰᠡᠳᠬᠢᠯ ᠨᠢ ᠬᠠᠷ᠎ᠠ 》 ᠭᠡᠬᠦ ᠂ ᠬᠠᠷᠢᠶᠠᠯᠴᠢ ᠬᠦᠮᠦᠨ  ᠢ《 ᠬᠡᠯᠡ ᠨᠢ ᠬᠠᠷ᠎ᠠ 》ᠭᠡᠬᠦ ᠂ ᠨᠡᠭᠦᠵᠦ ᠬᠣᠭᠣᠰᠣᠷᠠᠭᠰᠠᠨ ᠨᠣᠲᠣᠭ  ᠢ《 ᠬᠠᠷ᠎ᠠ ᠨᠣᠲᠣᠭ 》 ᠭᠡᠬᠦ ᠵᠢᠱᠢᠶ᠎ᠡ ᠲᠠᠢ ᠃ ᠶᠠᠯ᠎ᠠ ᠬᠢᠭᠡᠳ ᠭᠢᠨᠳᠠᠨ ᠳ᠋ᠤ ᠣᠷᠣᠪᠠᠯ《 ᠬᠠᠷ᠎ᠠ ᠭᠡᠷ ᠲᠤ ᠰᠠᠭᠣᠯ᠎ᠠ 》ᠭᠡᠬᠦ ᠪᠠ ᠮᠠᠭᠣ ᠵᠡᠭᠦᠳᠦ ᠵᠡᠭᠦᠳᠦᠯᠡᠪᠡᠯ《 ᠬᠠᠷ᠎ᠠ ᠳᠠᠷᠣᠯ᠎ᠠ 》ᠭᠡᠳᠡᠭ ᠃ ᠬᠠᠷ᠎ᠠ ᠦᠩᠭᠡ  ᠶᠢ ᠡᠰᠡ ᠲᠠᠭᠠᠰᠢᠶᠠᠬᠣ ᠪᠣᠯᠪᠠᠴᠣ ᠮᠣᠩᠭᠣᠯ ᠬᠦᠮᠦᠨ ᠤ ᠠᠮᠢᠳᠣᠷᠠᠯ ᠳ᠋ᠤ ᠣᠣᠯ ᠦᠩᠭᠡ ᠪᠠᠰᠠ ᠯᠡ ᠵᠣᠬᠢᠬᠣ ᠪᠠᠶᠢᠷᠢ ᠲᠠᠢ ᠪᠠᠶᠢᠳᠠᠭ  ᠢ ᠣᠮᠳᠣᠭᠠᠶᠢᠯᠠᠵᠣ ᠪᠣᠯᠬᠣ ᠦᠭᠡᠢ ᠃ ᠮᠣᠩᠭᠣᠯᠴᠣᠳ ᠶᠡᠬᠡ ᠪᠠᠶᠢᠭᠠᠯᠢ  ᠶᠢᠨ ᠪᠠ ᠡᠳᠦᠷ ᠳᠣᠲᠣᠮ ᠤᠨ ᠠᠮᠢᠳᠣᠷᠠᠯ ᠤᠨ ᠦᠵᠡᠭᠳᠡᠯ ᠳᠣᠮᠳᠠ《 ᠲᠠᠪᠣᠨ ᠦᠩᠭᠡ 》ᠭᠡᠵᠦ ᠬᠡᠯᠡᠯᠴᠡᠬᠦ ᠨᠢ ᠣᠯᠠᠨ ᠪᠠᠶᠢᠳᠠᠭ ᠃ ᠲᠣᠬᠠᠶᠢᠯᠠᠪᠠᠯ ᠮᠣᠩᠭᠣᠯᠴᠣᠳ ᠤᠨ ᠦᠨᠳᠦᠰᠦᠨ ᠲᠠᠪᠣᠨ ᠦᠩᠭᠡ ᠪᠣᠯ《 ᠴᠠᠭᠠᠨ ᠂ ᠬᠦᠬᠡ ᠂ ᠣᠯᠠᠭᠠᠨ ᠂ ᠨᠣᠭᠣᠭᠠᠨ ᠂ ᠬᠠᠷ᠎ᠠ 》ᠶᠣᠮ ᠃ ᠲᠡᠶᠢᠮᠦ ᠪᠠᠷ  ᠢᠶᠠᠨ ᠮᠣᠩᠭᠣᠯ ᠬᠦᠮᠦᠨ《 ᠲᠠᠪᠣᠨ ᠦᠩᠭᠡ  ᠶᠢᠨ ᠪᠦᠰ ᠲᠣᠷᠭ᠎ᠠ 》ᠭᠡᠵᠦ ᠬᠡᠯᠡᠯᠴᠡᠬᠦ ᠳᠣᠷᠠᠲᠠᠢ ᠃ ᠡᠷᠲᠡᠨ ᠤ ᠲᠡᠦᠬᠡ ᠰᠣᠳᠣᠷ ᠲᠤ ᠪᠠᠰᠠ《 ᠲᠠᠪᠣᠨ ᠦᠩᠭᠡ ᠳᠦᠷᠪᠡᠨ ᠬᠠᠷᠢ 》ᠭᠡᠵᠦ ᠣᠯᠠᠨᠲᠠ ᠪᠢᠴᠢᠭᠳᠡᠵᠦ ᠢᠷᠡᠵᠡᠢ ᠃   

                              ᠢᠷᠡᠯᠲᠡ ᠄  ᠬᠣᠯᠪᠣᠭ᠎ᠠ ᠰᠦᠯᠵᠢᠶ᠎ᠡ

               

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄