ᠮᠣᠩᠭᠣᠯ ᠦᠨᠳᠦᠰᠦᠲᠡᠨ ᠦ ᠠᠯᠳᠠᠷᠲᠤ ᠡᠮᠴᠢ ᠨᠠᠭᠤᠨᠪᠢᠯᠢᠭ᠌

ᠤᠩᠰᠢᠭᠰᠠᠨ ᠤᠳᠠᠭ᠎ᠠ ᠄ 1489    ᠨᠡᠶᠢᠳᠡᠯᠡᠭᠰᠡᠨ ᠴᠠᠭ ᠄ 2015-09-10

      ᠤᠶᠤᠨ ᠲᠠᠷᠢᠬᠢ ᠂ ᠤᠬᠠᠭᠠᠨ ᠮᠡᠳᠡᠯᠭᠡ ᠂ ᠥᠷᠥᠰᠢᠶᠡᠯ ᠬᠠᠶᠢᠷ᠎ᠠ ᠪᠠᠷ  ᠢᠶᠠᠨ ᠬᠥᠮᠥᠨ ᠲᠥᠷᠥᠯᠬᠢᠲᠡᠨ ᠢ ᠠᠪᠤᠷᠠᠨ ᠲᠡᠩᠬᠡᠷᠡᠭᠦᠯᠵᠦ ᠂ ᠬᠥᠮᠥᠨ ᠦ ᠣᠷᠴᠢᠯᠠᠩ ᠳ᠋ᠤ ᠡᠷᠡᠭᠦᠯ ᠪᠦᠲᠦᠨ ᠠᠮᠢᠳᠤᠷᠠᠬᠤ ᠶᠢᠨ ᠵᠠᠶᠠᠭ᠎ᠠ ᠲᠠᠪᠢᠯᠠᠩ ᠰᠣᠶᠣᠷᠬᠠᠨ ᠂ ᠪᠣᠷᠬᠠᠨᠰᠠᠭ ᠠᠵᠢᠯᠯᠠᠭ᠎ᠠ ᠂  ᠪᠤᠶᠠᠨᠰᠠᠭ ᠦᠢᠯᠡ ᠪᠡᠷ ᠢᠶᠡᠨ ᠪᠦᠬᠦᠨ ᠢ ᠪᠢᠰᠢᠷᠡᠭᠦᠯᠦᠭᠰᠡ ᠨᠨᠠᠭᠤᠨᠪᠢᠯᠢᠭ᠌ ᠡᠮᠴᠢ ᠶᠢ ᠡᠨᠳᠡ ᠶᠠᠷᠢᠬᠤ ᠳ᠋ᠤ ᠦᠨᠡᠬᠡᠷ ᠴᠦ ᠤᠷᠮ᠎ᠠ ᠲᠠᠢ ᠠᠵᠠᠢ ᠃ ᠡᠪᠡᠳᠴᠢᠨ ᠵᠣᠪᠠᠯᠠᠩ  ᠤᠨ ᠲᠠᠷᠴᠢᠯᠠᠭᠠᠯ ᠳ᠋ᠤ ᠭᠦᠨ ᠠᠪᠲᠠᠵᠤ ᠂ ᠦᠬᠦᠵᠦ ᠰᠡᠭᠡᠬᠦ ᠶᠢᠨ ᠳᠠᠪᠠᠭᠠᠨ ᠳ᠋ᠤ  ᠲᠡᠯᠴᠢᠯᠡᠭᠰᠡᠨ ᠲᠡᠷᠡᠬᠦ ᠦᠶ᠎ᠡ ᠳ᠋ᠦ ᠠᠪᠤᠷᠠᠨ ᠲᠡᠩᠬᠡᠷᠡᠭᠦᠯᠵᠦ ᠂ ᠭᠡᠭᠡᠨ ᠰᠠᠷᠠᠭᠤᠯ ᠠᠮᠢᠳᠤᠷᠠᠯ ᠤᠨ ᠵᠠᠮ ᠣᠯᠭᠣᠭᠰᠠᠨ ᠵᠢᠱᠢᠶ᠎ᠡ ᠶᠢ ᠶᠠᠷᠢᠪᠠᠯ ᠵᠥᠩᠳᠡᠭᠡᠨ ᠣᠯᠠᠨ ᠃ ᠲᠡᠶᠢᠨᠬᠦ ᠪᠦᠬᠦ ᠥᠪᠥᠷ ᠮᠣᠩᠭᠣᠯ ᠂ ᠪᠦᠬᠦ ᠳᠤᠮᠳᠠᠳᠤ ᠤᠯᠤᠰ ᠂ᠴᠢᠨᠠᠭᠰᠢᠯᠠᠪᠠᠯ ᠤᠯᠤᠰ ᠤᠨ ᠭᠠᠳᠠᠭᠠᠳᠤ ᠶᠢᠨ ᠬᠥᠮᠥᠰ ᠴᠦ ᠣᠯᠠᠨ ᠢᠷᠡᠵᠦ ᠂ ᠨᠠᠭᠤᠨᠪᠢᠯᠢᠭ᠌ ᠡᠮᠴᠢ ᠶᠢᠨ ᠬᠢᠴᠢᠶᠡᠯ ᠢ ᠰᠣᠨᠣᠰᠣᠨ ᠂ ᠪᠡᠶ᠎ᠡ ᠡᠷᠡᠭᠦᠯᠵᠢᠨ ᠂ ᠰᠠᠨᠠᠭ᠎ᠠ ᠲᠠᠶᠢᠪᠤᠰᠢᠷᠠᠵᠤ ᠂ ᠡᠷᠡᠭᠦᠯ ᠰᠠᠷᠠᠭᠤᠯ ᠶᠠᠪᠤᠬᠤ ᠶᠢᠨ ᠢᠳᠢ ᠬᠦᠴᠦ  ᠶᠢ ᠣᠯᠣᠨ ᠂ ᠪᠠᠶᠠᠷ ᠪᠠᠶᠠᠰᠬᠤᠯᠠᠩ ᠲᠠᠢ ᠠᠮᠢᠳᠤᠷᠠᠬᠤ ᠶᠢᠨ ᠰᠠᠶᠢᠬᠠᠨ ᠬᠦᠰᠡᠯ ᠲᠠᠢ ᠪᠣᠯᠣᠭᠰᠠᠨ ᠰᠠᠨ ᠃ ᠡᠶᠢᠮᠦᠷᠬᠦᠦ ᠨᠠᠭᠤᠨᠪᠢᠯᠢᠭ᠌ ᠡᠮᠴᠢ ᠮᠠᠨᠢ ᠦᠨᠡᠬᠡᠷ ᠴᠦ ᠮᠠᠨ ᠤ ᠮᠣᠩᠭᠣᠯ ᠦᠨᠳᠦᠰᠦᠲᠡᠨ ᠂ ᠬᠥᠮᠥᠨ ᠲᠥᠷᠥᠯᠬᠢᠲᠡᠨ ᠦ ᠪᠢᠰᠢᠷᠡᠨ ᠳᠡᠭᠡᠳᠦᠯᠡᠵᠦ ᠂ ᠬᠠᠶᠢᠷᠠᠯᠠᠨ ᠬᠦᠨᠳᠦᠯᠡᠪᠡᠰᠦ ᠵᠣᠬᠢᠯᠲᠠᠢ ᠪᠣᠷᠬᠠᠨ ᠡᠮᠴᠢ ᠶᠤᠮ ᠃

      ᠨᠠᠭᠤᠨᠪᠢᠯᠢᠭ᠌ ᠡᠮᠴᠢ ᠄  ᠣᠷᠳᠣᠰ ᠬᠣᠲᠠ ᠶᠢᠨ ᠣᠲᠣᠭ ᠤᠨ ᠡᠮᠦᠨᠡᠲᠦ ᠬᠣᠰᠢᠭᠤᠨ ᠤ ᠪᠣᠷᠣᠪᠠᠯᠭᠠᠰᠤᠨ ᠳ᠋ᠤ ᠨᠤᠲᠤᠭ ᠲᠠᠢ ᠂ ᠠᠰᠫᠢᠷᠠᠨᠲ ᠤᠨ ᠵᠢᠯᠤᠭᠤᠳᠤᠭᠴᠢ ᠂ ᠪᠡᠭᠡᠵᠢᠩ ᠦᠨ ᠬᠢᠲᠠᠳ ᠡᠮᠨᠡᠯᠭᠡ  ᠶᠢᠨ ᠬᠣᠷᠢᠶ᠎ᠠ ᠶᠢᠨ ‍ᠳ᠋ᠣᠺᠲ᠋ᠣᠷᠠᠨᠲ ᠃ 1984 ᠣᠨ ᠳ᠋ᠤ ᠥᠪᠥᠷ ᠮᠣᠩᠭᠣᠯ ᠤᠨ ᠦᠨᠳᠦᠰᠦᠲᠡᠨ ᠦ ᠡᠮᠨᠡᠯᠭᠡ  ᠶᠢᠨ ᠳᠡᠭᠡᠳᠦ ᠰᠤᠷᠭᠠᠭᠤᠯᠢ  ᠠᠴᠠ ᠲᠡᠭᠦᠰᠴᠦ ᠂ 2001 ᠣᠨ ᠳ᠋ᠤ ᠪᠡᠭᠡᠵᠢᠩ ᠶᠡᠬᠡ ᠰᠤᠷᠭᠠᠭᠤᠯᠢ ᠳ᠋ᠤ《 ᠬᠡᠷᠡᠭᠯᠡᠭᠡᠨ ᠦ ᠰᠡᠳᠬᠢᠴᠡ ᠶᠢᠨ ᠤᠬᠠᠭᠠᠨ 》 ᠤ ᠠᠰᠫᠢᠷᠠᠨᠲ ᠤᠨ ᠠᠩᠭᠢ ᠳ᠋ᠤ ᠨᠢᠭᠡ ᠵᠢᠯ ᠰᠤᠷᠤᠯᠴᠠᠨ ᠂ 2005 ᠣᠨ ᠳ᠋ᠤ ᠥᠪᠥᠷ ᠮᠣᠩᠭᠣᠯ ᠤᠨ ᠡᠮᠨᠡᠯᠭᠡ ᠶᠢᠨ ᠶᠡᠭᠡ ᠰᠤᠷᠭᠠᠭᠤᠯᠢ ᠳ᠋ᠤ ᠠᠰᠫᠢᠷᠠᠨᠲ ᠤᠨ ᠴᠣᠯᠠ ᠬᠠᠮᠠᠭᠠᠯᠠᠪᠠ ᠃ 2000 ᠣᠨ ᠳ᠋ᠤ ᠪᠦᠬᠦ ᠤᠯᠤᠰ ᠤᠨ ᠤᠲᠠᠴᠢ ᠮᠣᠩᠭᠣᠯ ᠡᠮᠨᠡᠯᠭᠡ  ᠶᠢᠨ ᠪᠡᠶ᠎ᠡ ᠰᠡᠳᠬᠢᠴᠡ ᠡᠷᠡᠭᠦᠯ ᠡᠩᠬᠡ ᠶᠢᠨ ᠰᠤᠳᠤᠯᠭᠠᠨ ᠤ ᠭᠠᠵᠠᠷ ᠢ ᠪᠠᠶᠢᠭᠤᠯᠵᠤ ᠂ 2002 ᠣᠨ ᠳ᠋ᠤ ᠥᠪᠥᠷ ᠮᠣᠩᠭᠣᠯ ᠤᠨ《 ᠠᠵᠠᠲᠠᠢ 》ᠦᠨᠳᠦᠰᠦᠲᠡᠨ ᠦ ᠨᠠᠰᠤᠲᠠᠶᠢᠴᠤᠳ ᠤᠨ ᠰᠣᠪᠢᠯᠠᠯᠲᠠ ᠶᠢᠨ ᠬᠣᠷᠢᠶ᠎ᠠ ᠪᠣᠯᠣᠨ ᠨᠠᠭᠤᠨ ᠤ ᠮᠣᠩᠭᠣᠯ ᠡᠮᠨᠡᠯᠭᠡ ᠶᠢᠨ ᠭᠠᠵᠠᠷ ᠢ ᠪᠠᠶᠢᠭᠤᠯᠪᠠ ᠃ 2010 ᠣᠨ ᠳ᠋ᠤ ᠥᠪᠥᠷ ᠮᠣᠩᠭᠣᠯ ᠤᠨ ᠣᠯᠠᠨ ᠤᠯᠤᠰ ᠤᠨ ᠮᠣᠩᠭᠣᠯ ᠡᠮᠨᠡᠯᠭᠡ ᠶᠢᠨ ᠬᠣᠷᠢᠶ᠎ᠠ ᠳ᠋ᠤ ᠠᠵᠢᠯᠯᠠᠵᠤ ᠂ ᠮᠣᠩᠭᠣᠯ ᠡᠮᠨᠡᠯᠭᠡ ᠶᠢᠨ ᠪᠡᠶ᠎ᠡ ᠰᠡᠳᠬᠢᠯ ᠪᠦᠬᠦᠯᠢ ᠴᠣᠭᠴᠠ ᠶᠢᠨ ᠡᠮᠴᠢᠯᠡᠭᠡᠨ ᠦ ᠰᠠᠯᠠᠭ᠎ᠠ ᠶᠢ ᠪᠠᠶᠢᠭᠤᠯᠪᠠ ᠃ 2011 ᠣᠨ ᠳ᠋ᠤ ᠪᠡᠭᠡᠵᠢᠩ ᠦᠨ ᠭᠤᠸᠠᠩ ᠠᠨ ᠬᠢᠲᠠᠳ ᠡᠮᠨᠡᠯᠭᠡ ᠶᠢᠨ ᠬᠣᠷᠢᠶ᠎ᠠ ᠳ᠋ᠤ ᠨᠢᠭᠡ ᠵᠢᠯ ᠰᠤᠷᠤᠯᠴᠠᠵᠤ ᠂ 2012 ᠣᠨ ᠳ᠋ᠤ ᠲᠥᠷᠥ ᠶᠢᠨ ᠤᠲᠠᠴᠢ ᠰᠦᠷᠦᠩᠵᠠᠪ ᠤᠨ ᠭᠠᠷ ᠱᠠᠪᠢ ᠪᠣᠯᠪᠠ ᠃

      ᠣᠳᠣ ᠤᠯᠤᠰ ᠤᠨ ᠡᠮᠴᠢᠯᠡᠭᠡᠨ ᠦ ᠭᠣᠣᠯᠳᠠᠯᠭ᠎ᠠ ᠲᠠᠢ ᠲᠤᠰᠬᠠᠢ ᠰᠠᠯᠠᠭ᠎ᠠ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠥᠢᠯ ᠪᠣᠯᠣᠨ ᠤᠯᠤᠰ ᠤᠨ ᠦᠨᠳᠦᠰᠦᠲᠡᠨ ᠦ ᠠᠨᠠᠭᠠᠬᠤ ᠤᠬᠠᠭᠠᠨ ᠤ ᠭᠣᠣᠯᠳᠠᠯᠭ᠎ᠠ ᠲᠠᠢ ᠲᠤᠰᠬᠠᠢ ᠰᠠᠯᠠᠭ᠎ᠠ ᠶᠢᠨ ᠲᠥᠷᠥᠯ ᠵᠥᠢᠯ ᠢ ᠭᠠᠷᠳᠠᠨ ᠬᠢᠵᠡᠢ ᠃ ᠲᠡᠭᠦᠨ ᠤ ᠪᠦᠲᠦᠭᠡᠯ ᠬᠢᠭᠡᠳ ᠢᠷᠠᠭᠤ ᠠᠯᠳᠠᠷ ᠄《 ᠰᠢᠨ᠎ᠡ ᠤᠬᠠᠭᠳᠠᠬᠤᠨ ᠤ ᠡᠷᠡᠭᠦᠯ ᠮᠡᠨᠳᠦ ᠶᠢᠨ ᠰᠤᠷᠭᠠᠨ ᠬᠦᠮᠦᠵᠢᠯ ᠦᠨ ᠲᠠᠶᠢᠯᠤᠮᠵᠢ 》᠂《 ᠡᠷᠡᠭᠦᠯ ᠡᠩᠬᠡ ᠶᠢᠨ ᠬᠠᠨᠢ 》 ᠂《 ᠮᠣᠩᠭᠣᠯ ᠡᠮᠨᠡᠯᠭᠡ ᠶᠢᠨ ᠠᠮᠢ ᠰᠣᠪᠢᠯᠠᠯ ᠤᠨ ᠰᠠᠭᠤᠷᠢ ᠮᠡᠳᠡᠯᠭᠡ 》᠂《 ᠮᠣᠩᠭᠣᠯ ᠠᠨᠠᠭᠠᠬᠤ ᠤᠬᠠᠭᠠᠨ ᠤ ᠠᠮᠢ ᠰᠣᠪᠢᠯᠠᠯ ᠤᠨ ᠦᠭᠦᠯᠡᠮᠵᠢ 》ᠵᠡᠷᠭᠡ ᠨᠣᠮ ᠪᠦᠲᠦᠭᠡᠯ ᠪᠠ《 ᠰᠢᠨ᠎ᠡ ᠡᠷᠡᠨ ᠦ ᠡᠷᠡᠭᠦᠯ ᠡᠩᠬᠡ  ᠶᠢᠨ ᠳᠠᠭᠤᠯᠠᠯ  》᠂《 ᠡᠩᠬᠡ ᠠᠮᠤᠭᠤᠯᠠᠩ ᠰᠠᠶᠢᠬᠠᠨ 》ᠵᠡᠷᠭᠡ ᠴᠣᠮᠣᠭ ᠲᠠᠢ ᠃《 ᠥᠷᠥᠨᠡᠳᠠᠬᠢᠨ ᠤ ᠡᠮᠨᠡᠯᠭᠡ  ᠶᠢᠨ ᠤᠬᠠᠭᠠᠨ ᠤ ᠠᠳᠠᠯᠢ ᠪᠤᠰᠤ ᠲᠠᠯ᠎ᠠ  ᠠᠴᠠ ᠮᠣᠩᠭᠣᠯ ᠠᠨᠠᠭᠠᠬᠤ ᠤᠬᠠᠭᠠᠨ ᠤ ᠣᠨᠴᠠᠯᠢᠭ ᠢ ᠦᠭᠦᠯᠡᠬᠦ ᠨᠢ 》ᠵᠡᠷᠭᠡ ᠭᠤᠴᠢ ᠭᠠᠷᠤᠢ ᠦᠭᠦᠯᠡᠯ ᠢ ᠳᠡᠯᠡᠬᠡᠢ ᠂ ᠤᠯᠤᠰ ᠂ ᠣᠷᠣᠨ ᠤ ᠡᠯ᠎ᠡ ᠵᠥᠢᠯ  ᠦᠨ ᠰᠡᠳᠬᠦᠯ ᠳᠡᠭᠡᠷ᠎ᠡ ᠨᠡᠶᠢᠲᠡᠯᠡᠵᠦ ᠂ 2013 ᠣᠨ ᠤ ᠲᠠᠯ᠎ᠠ ᠨᠤᠲᠤᠭ ᠤᠨ ᠰᠣᠶᠣᠯ ᠤᠨ ᠨᠠᠶᠢᠷ ᠤᠨ ᠰᠢᠯᠢᠳᠡᠭ ᠦᠭᠦᠯᠡᠯ ᠦᠨ ᠱᠠᠩᠨᠠᠯ ᠵᠡᠷᠭᠡ ᠶᠢ ᠲᠣᠰᠴᠠᠢ ᠃ ᠪᠦᠬᠦ  ᠤᠯᠤᠰ ᠤᠨ ᠡᠷᠡᠭᠦᠯ ᠬᠠᠮᠠᠭᠠᠯᠠᠯ ᠤᠨ ᠰᠢᠰᠲ᠋ᠸᠮ ᠦᠨ ᠲᠡᠷᠢᠭᠦᠨ ᠦ ᠠᠵᠢᠯᠲᠠᠨ ᠂ ᠪᠦᠬᠦ ᠤᠯᠤᠰ ᠤᠨ ᠤᠯᠠᠮᠵᠢᠯᠠᠯᠲᠤ ᠠᠨᠠᠭᠠᠬᠤ ᠤᠬᠠᠭᠠᠨ ᠤ ᠰᠣᠶᠣᠯ ᠤᠨ ᠪᠠᠶᠢᠭᠤᠯᠤᠯᠲᠠ ᠶᠢᠨ ᠬᠤᠪᠢ ᠬᠥᠮᠥᠨ ᠪᠠ ᠲᠠᠯ᠎ᠠ ᠨᠤᠲᠤᠭ ᠤᠨ ᠴᠢᠳᠠᠪᠤᠷᠢᠲᠠᠨ ᠵᠡᠷᠭᠡ ᠢᠷᠠᠭᠤ ᠠᠯᠳᠠᠷ ᠢ ᠬᠦᠷᠲᠡᠪᠡ ᠃

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄