ᠬᠤᠪᠴᠠᠰᠤᠨ ᠤ ᠥᠩᠭᠡ ᠬᠢᠭᠡᠳ ᠴᠠᠭ ᠤᠯᠠᠷᠢᠯ

ᠤᠩᠰᠢᠭᠰᠠᠨ ᠤᠳᠠᠭ᠎ᠠ ᠄ 1031    ᠨᠡᠶᠢᠳᠡᠯᠡᠭᠰᠡᠨ ᠴᠠᠭ ᠄ 2015-09-10

      ᠨᠡᠶᠢᠭᠡᠮ ᠦᠨ ᠬᠥᠭᠵᠢᠯᠲᠡ ᠂ ᠠᠮᠢᠳᠤᠷᠠᠯ ᠤᠨ ᠳᠡᠭᠡᠭᠰᠢᠯᠡᠯᠲᠡ ᠳ᠋ᠦ ᠳᠠᠭᠠᠯᠳᠤᠭᠠᠳ ᠬᠥᠮᠥᠰ ᠦᠨ ᠭᠤᠸ᠎ᠠ ᠰᠠᠶᠢᠬᠠᠨ ᠤ ᠲᠤᠬᠠᠢ ᠦᠵᠡᠯ ᠲᠠᠨᠢᠯᠲᠠ ᠶᠢᠨ ᠤᠯᠠᠮ ᠥᠨᠳᠥᠷᠵᠢᠵᠦ ᠂ ᠬᠥᠮᠥᠰ ᠬᠤᠪᠴᠠᠰᠤ ᠬᠤᠳᠠᠯᠳᠤᠨ ᠠᠪᠬᠤ ᠳ᠋ᠠᠭᠠᠨ ᠴᠢᠨᠠᠷ ᠢ ᠨᠢ ᠠᠩᠬᠠᠷᠬᠤ  ᠠᠴᠠ ᠭᠠᠳᠠᠨ᠎ᠠ ᠂ ᠪᠠᠰᠠ ᠬᠡᠪ ᠶᠠᠩᠵᠤ ᠂ ᠬᠤᠪᠴᠠᠰᠤᠨ ᠤ ᠥᠩᠭᠡ ᠵᠡᠷᠭᠡ ᠶᠢ ᠴᠦ ᠣᠨᠴᠠ ᠠᠩᠬᠠᠷᠬᠤ ᠪᠣᠯᠵᠤ ᠪᠠᠶᠢᠨ᠎ᠠ ᠃ ᠭᠡᠪᠡᠴᠦ ᠶᠠᠮᠠᠷ ᠨᠢᠭᠡᠨ ᠵᠥᠢᠯ ᠦᠨ ᠥᠩᠭᠡ ᠭᠡᠰᠡᠨ ᠦᠭᠡᠢ ᠪᠦᠷ ᠲᠡᠭᠦᠨ ᠦ ᠦᠨᠳᠦᠰᠦᠨ ᠣᠨᠴᠠᠯᠢᠭ ᠰᠢᠨᠵᠢ ᠲᠠᠢ ᠪᠠᠶᠢᠳᠠᠭ ᠪᠥᠭᠡᠳ ᠮᠥᠨ ᠴᠠᠭ ᠤᠯᠠᠷᠢᠯ ᠲᠠᠢ ᠰᠢᠭᠤᠳ ᠬᠠᠷᠢᠴᠠᠭ᠎ᠠ ᠲᠠᠢ ᠪᠠᠶᠢᠳᠠᠭ ᠃ ᠪᠢᠳᠡ ᠬᠡᠷᠪᠡ ᠬᠤᠪᠴᠠᠰᠤ ᠰᠣᠩᠭᠣᠬᠤ ᠳ᠋ᠠᠭᠠᠨ ᠥᠩᠭᠡ ᠶᠢ ᠨᠢ ᠠᠳᠠᠯᠢ ᠪᠤᠰᠤ ᠤᠯᠠᠷᠢᠯ ᠳ᠋ᠤ ᠵᠣᠬᠢᠴᠠᠭᠤᠯᠤᠨ ᠰᠣᠩᠭᠣᠵᠤ ᠴᠢᠳᠠᠪᠠᠯ ᠪᠡᠶ᠎ᠡ ᠭᠠᠯᠪᠢᠷ ᠤᠨ ᠢᠶᠠᠨ ᠴᠣᠭ ᠰᠦᠯᠳᠡ ᠶᠢ ᠭᠦᠢᠴᠡᠳ ᠪᠠᠳᠠᠷᠠᠭᠤᠯᠵᠤ ᠴᠢᠳᠠᠬᠤ ᠪᠥᠭᠡᠳ ᠪᠤᠰᠤᠳ ᠲᠤ ᠣᠨᠴᠠ ᠨᠢᠭᠡ ᠭᠤᠸ᠎ᠠ ᠰᠠᠶᠢᠬᠠᠨ ᠤ ᠲᠥᠷᠥᠭᠳᠡᠯ ᠢ ᠣᠯᠭᠣᠵᠤ ᠴᠢᠳᠠᠳᠠᠭ ᠃ 

      ᠲᠤᠬᠠᠶᠢᠯᠠᠪᠠᠯ ᠄

      ᠤᠯᠠᠭᠠᠨ ᠥᠩᠭᠡ ᠪᠣᠯ ᠨᠢᠭᠡ ᠵᠥᠢᠯ ᠦᠨ ᠬᠠᠯᠠᠭᠤᠨ ᠳᠤᠯᠠᠭᠠᠨ ᠥᠩᠭᠡ ᠪᠣᠯᠬᠤ ᠪᠥᠭᠡᠳ ᠦᠵᠡᠬᠦ ᠳ᠋ᠦ ᠢᠯᠡ ᠲᠣᠳᠣ ᠪᠠᠶᠢᠵᠤ ᠂ ᠬᠥᠮᠥᠰ ᠲᠦ ᠬᠦᠴᠦᠲᠡᠢ ᠰᠡᠳᠡᠯᠲᠡ ᠣᠯᠭᠣᠳᠠᠭ ᠃ ᠡᠶᠢᠮᠦ ᠡᠴᠡ ᠶᠠᠮᠠᠷ ᠴᠦ ᠬᠥᠮᠥᠨ ᠭᠡᠰᠡᠨ ᠦᠭᠡᠢ ᠤᠯᠠᠭᠠᠨ ᠥᠩᠭᠡᠲᠡᠢ ᠬᠤᠪᠴᠠᠰᠤ ᠡᠮᠦᠰᠬᠦ ᠳ᠋ᠦ ᠬᠦᠷᠪᠡᠯ ᠪᠣᠰᠣᠳ ᠲᠤ ᠴᠤᠭ ᠵᠣᠯᠢ ᠲᠠᠢ ᠂ ᠬᠠᠯᠠᠭᠤᠮᠰᠤᠭ ᠂ ᠪᠠᠶᠠᠷ ᠪᠠᠶᠠᠰᠤᠩᠭᠤᠢ ᠪᠠᠶᠢᠬᠤ ᠲᠥᠷᠥᠭᠳᠡᠯ ᠣᠯᠭᠣᠨ᠎ᠠ ᠃ ᠤᠯᠠᠪᠢᠷ ᠥᠩᠭᠡ ᠨᠢ ᠬᠠᠪᠤᠷ ᠤᠨ ᠤᠯᠠᠷᠢᠯ ᠳ᠋ᠤ ᠳᠤᠬᠢᠷᠠᠨ᠎ᠠ ᠃ ᠨᠣᠭᠣᠭᠠᠨ ᠥᠩᠭᠡ ᠪᠣᠯ ᠦᠵᠡᠰᠭᠦᠯᠡᠩ ᠰᠠᠶᠢᠬᠠᠨ ᠥᠩᠭᠡ ᠪᠣᠯᠬᠤ ᠶᠤᠮ ᠃ ᠲᠡᠷᠡ ᠨᠢ ᠬᠥᠮᠥᠰ ᠲᠦ ᠠᠭᠤᠵᠢᠭᠤ ᠲᠠᠯᠪᠢᠭᠤ ᠂ ᠲᠠᠭᠠᠯᠠᠮᠵᠢᠲᠠᠢ ᠂ ᠰᠢᠨ᠎ᠡ ᠰᠣᠷᠭᠣᠭ ᠂ ᠠᠮᠢᠵᠢᠷᠠᠯ ᠤᠨ ᠬᠦᠴᠦᠨ ᠪᠦᠬᠦᠢ ᠲᠥᠷᠥᠭᠳᠡᠯ ᠣᠯᠭᠣᠳᠠᠭ ᠃ ᠨᠣᠭᠣᠭᠠᠨ ᠥᠩᠭᠡᠲᠡᠢ ᠬᠤᠪᠴᠠᠰᠤ ᠶᠢ ᠬᠠᠪᠤᠷ ᠪᠣᠯᠣᠨ ᠵᠤᠨ ᠤ ᠤᠯᠠᠷᠢᠯ ᠳ᠋ᠤ ᠡᠮᠦᠰᠪᠡᠯ ᠬᠠᠮᠤᠭ ᠤᠨ ᠲᠣᠬᠢᠷᠠᠮᠵᠢᠲᠠᠢ ᠪᠠᠶᠢᠳᠠᠭ ᠃ ᠰᠢᠷ᠎ᠠ ᠥᠩᠭᠡ ᠪᠣᠯ ᠲᠤᠩᠭᠠᠯᠠᠭ ᠥᠩᠭᠡ ᠪᠣᠯᠣᠨ᠎ᠠ ᠃ ᠲᠡᠷᠡ ᠨᠢ ᠬᠥᠮᠥᠰ ᠲᠦ ᠨᠠᠶᠢᠷᠰᠠᠭ ᠲᠣᠳᠣᠨᠣ ᠂ ᠳᠡᠭᠵᠢᠨ ᠴᠣᠪᠣᠭᠣᠯᠢᠭ ᠂ ᠪᠠᠶᠠᠷ ᠪᠠᠬᠠᠳᠤᠯ ᠲᠠᠢ ᠲᠥᠷᠥᠭᠳᠡᠯ ᠣᠯᠭᠣᠳᠠᠭ ᠃ ᠠᠩᠭᠢᠷ ᠰᠢᠷ᠎ᠠ ᠥᠩᠭᠡ ᠶᠢᠨ ᠬᠤᠪᠴᠠᠰᠤ ᠨᠢ ᠬᠠᠪᠤᠷ ᠤᠨ ᠤᠯᠠᠷᠢᠯ ᠡᠮᠦᠰᠬᠦ ᠳ᠋ᠦ ᠲᠣᠬᠢᠷᠠᠵᠤ ᠂ ᠰᠢᠷᠠᠩᠭᠤᠢ ᠥᠩᠭᠡᠲᠡᠢ ᠬᠤᠪᠴᠠᠰᠤ ᠨᠢ ᠵᠤᠨ ᠤ ᠤᠯᠠᠷᠢᠯ ᠳ᠋ᠤ ᠭᠦᠨ ᠰᠢᠷ᠎ᠠ ᠥᠩᠭᠡ ᠶᠢᠨ ᠬᠤᠪᠴᠠᠰᠤ ᠨᠢ ᠨᠠᠮᠤᠷ ᠡᠮᠦᠰᠬᠦ ᠳ᠋ᠦ ᠲᠣᠬᠢᠷᠠᠮᠵᠢᠲᠠᠢ ᠪᠠᠶᠢᠳᠠᠭ ᠃ ᠬᠥᠬᠡ ᠥᠩᠭᠡ ᠪᠣᠯ ᠬᠡᠭᠡᠨᠴᠢᠷ ᠪᠣᠯᠪᠠᠰᠤᠨ ᠥᠩᠭᠡ ᠪᠣᠯᠬᠤ ᠪᠥᠭᠡᠳ ᠬᠥᠮᠥᠰ ᠲᠦ ᠡᠶᠡᠪᠡᠷᠭᠦᠦ ᠵᠥᠭᠡᠯᠡᠨ ᠂ ᠨᠠᠮ ᠲᠣᠭᠲᠠᠭᠤᠨ ᠲᠥᠷᠥᠭᠳᠡᠯ ᠣᠯᠭᠣᠳᠠᠭ ᠃ ᠴᠡᠩᠬᠡᠷ ᠬᠥᠬᠡ ᠥᠩᠭᠡ ᠶᠢᠨ ᠬᠤᠪᠴᠠᠰᠤ ᠨᠢ ᠬᠠᠪᠤᠷ ᠪᠠ ᠵᠤᠨ ᠤ ᠤᠯᠠᠷᠢᠯ ᠳ᠋ᠤ ᠵᠣᠬᠢᠴᠠᠵᠤ ᠂ ᠬᠠᠷ᠎ᠠ ᠬᠥᠬᠡ ᠥᠩᠭᠡᠲᠡᠢ ᠬᠤᠪᠴᠠᠰᠤ ᠨᠢ ᠶᠠᠮᠠᠷ ᠨᠢᠭᠡᠨ ᠠᠬᠤᠢ ᠲᠠᠯᠠᠪᠠᠢ ᠪᠤᠶᠤ ᠵᠢᠯ ᠦᠨ ᠳᠥᠷᠪᠡᠨ ᠤᠯᠠᠷᠢᠯ ᠳ᠋ᠤ ᠴᠥᠮ ᠲᠣᠬᠢᠷᠠᠬᠤ ᠮᠥᠷᠲᠡᠭᠡᠨ ᠬᠥᠮᠥᠰ ᠲᠦ ᠯᠠᠪᠳᠠᠭᠤᠨ ᠲᠣᠭᠳᠠᠭᠤᠨ ᠂ ᠲᠥᠪ ᠶᠡᠬᠡᠮᠰᠦᠭ ᠬᠠᠷᠠᠭᠳᠠᠳᠠᠭ ᠃ ᠴᠠᠭᠠᠨ ᠥᠩᠭᠡ ᠪᠣᠯ ᠴᠡᠪᠡᠷ ᠠᠷᠢᠭᠤᠨ ᠥᠩᠭᠡ ᠪᠣᠯᠣᠨ᠎ᠠ ᠃ ᠲᠡᠷᠡ ᠨᠢ ᠬᠥᠮᠥᠰ ᠲᠦ ᠬᠡᠭᠡᠮᠰᠦᠭ ᠢᠯᠡᠲᠡᠢ ᠂ ᠴᠡᠪᠡᠷ ᠪᠣᠷᠣᠭᠵᠢᠭᠤᠨ ᠲᠥᠷᠥᠭᠳᠡᠯ ᠣᠯᠭᠣᠵᠤ ᠂ ᠴᠠᠭᠠᠨ ᠥᠩᠭᠡᠲᠡᠢ ᠬᠤᠪᠴᠠᠰᠤ ᠶᠢ ᠬᠠᠪᠤᠷ ᠂ ᠵᠤᠨ ᠤ ᠤᠯᠠᠷᠢᠯ ᠳ᠋ᠤ ᠡᠮᠦᠰᠬᠦ ᠳ᠋ᠦ ᠲᠣᠬᠢᠷᠠᠨ᠎ᠠ ᠃ ᠪᠦᠬᠦ ᠥᠩᠭᠡ ᠪᠣᠯ ᠡᠶᠡᠯᠳᠡᠭ ᠥᠩᠭᠡ ᠪᠣᠯᠬᠤ ᠲᠤᠯᠠ ᠠᠯᠢ ᠴᠦ ᠤᠯᠠᠷᠢᠯ ᠳ᠋ᠤ ᠴᠥᠮ ᠲᠤᠬᠢᠷᠠᠬᠤ ᠪᠥᠭᠡᠳ ᠬᠥᠮᠥᠰ ᠲᠦ ᠪᠣᠷᠣᠭᠵᠢᠭᠤᠨ ᠂ ᠲᠥᠪ ᠭᠣᠣᠯᠴᠢ ᠲᠥᠷᠥᠭᠳᠡᠯ ᠣᠯᠭᠣᠳᠠᠭ ᠃

      ᠳᠡᠭᠡᠷ᠎ᠡ ᠲᠠᠨᠢᠯᠴᠠᠭᠤᠯᠤᠭᠰᠠᠨ ᠥᠩᠭᠡ ᠪᠣᠯ ᠵᠠᠯᠠᠭᠤ ᠨᠦᠬᠦᠳ ᠦᠨ ᠨᠡᠶᠢᠳᠡᠮ ᠬᠦᠷᠢᠶᠡᠯᠡᠬᠦ ᠥᠩᠭᠡ ᠪᠣᠯᠣᠨ᠎ᠠ ᠃ ᠬᠦᠰᠡᠬᠦ ᠨᠢ ᠠᠳᠠᠯᠢ ᠪᠤᠰᠤ ᠤᠯᠠᠷᠢᠯ ᠳ᠋ᠤ ᠣᠯᠠᠨ ᠶᠠᠩᠵᠤ ᠶᠢᠨ ᠥᠩᠭᠡ ᠶᠢᠨ ᠳᠣᠲᠣᠷ᠎ᠠ  ᠠᠴᠠ ᠥᠪᠡᠷ ᠦᠨ ᠪᠠᠬᠠᠷᠬᠠᠵᠤ ᠲᠣᠭᠣᠭᠰᠠᠨ ᠥᠩᠭᠡᠲᠡᠢ ᠬᠤᠪᠴᠠᠰᠤ ‍ᠪᠠᠨ ᠰᠣᠩᠭᠣᠵᠤ ᠂ ᠪᠡᠶ᠎ᠡ ᠭᠠᠯᠪᠢᠷ ᠤᠨ ᠥᠪᠡᠷᠮᠢᠴᠡ ᠰᠢᠨᠵᠢ ᠂ ᠴᠣᠭ ᠵᠢᠪᠬᠣᠭ᠎ᠠ ‍ᠪᠠᠨ ᠲᠡᠭᠦᠰ ᠰᠠᠶᠢᠬᠠᠨ ᠳᠣᠪᠣᠶᠢᠯᠭᠠᠭᠠᠷᠠᠢ ᠃         

                                   ᠢᠷᠡᠯᠲᠡ ᠄ ᠬᠣᠯᠪᠣᠭ᠎ᠠ ᠰᠦᠯᠵᠢᠶ᠎ᠡ

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄