ᠴᠢᠨ᠋ᠸ᠎ᠠ ᠪᠤᠶᠤ ᠤᠷᠳᠤ ᠶᠢᠨ ᠲᠠᠭᠤᠤ ᠶᠢᠨ ᠦᠨᠡᠨ ᠲᠡᠤᠬᠡ

ᠤᠩᠰᠢᠭᠰᠠᠨ ᠤᠳᠠᠭ᠎ᠠ ᠄ 1268    ᠨᠡᠶᠢᠳᠡᠯᠡᠭᠰᠡᠨ ᠴᠠᠭ ᠄ 2015-09-21

      ᠠᠭᠤᠳᠠᠮ ᠲᠡᠨᠢᠭᠡᠷ ᠲᠠᠯ᠎ᠠ ᠳ᠋ᠤ ᠲᠤᠯᠤᠭᠠᠨ ᠨᠠᠰᠤᠳᠠᠢ ᠵᠢᠭᠠᠯ ᠭᠡᠤᠬᠡᠨ ᠬᠤᠶᠠᠷ ᠨᠢᠳᠦᠨ ᠤ ᠬᠠᠷᠠᠭ᠎ᠠ ᠪᠠᠨ ᠠᠯᠳᠠᠬᠰᠠᠨ ᠠᠪᠤ ᠪᠠᠨ ᠬᠦᠳᠦᠯᠦᠭᠡᠳ ᠲᠡᠭᠷᠢ ᠶᠢᠨ ᠬᠢᠵᠠᠭᠠᠷ  ᠠᠴᠠ ᠨᠠᠰᠢᠯᠠᠵᠤ  ᠶᠠᠪᠤᠨ᠎ᠠ ᠃ ᠦᠳᠡᠰᠢ ᠪᠦᠷᠦᠢ ᠪᠤᠯᠵᠤ ᠠᠯᠮᠠᠩ ᠰᠠᠷᠠᠨ ᠤᠬᠳᠠᠷᠭᠤᠢ ᠳ᠋ᠤ ᠲᠡᠭᠳᠡᠭᠡᠳ ᠦᠳᠡᠰᠢ ᠶᠢᠨ ᠨᠠᠮ ᠵᠢᠮ ᠬᠦᠳᠡᠭᠡ ᠨᠤᠳᠤᠭ ᠢ ᠪᠦᠷᠬᠦᠨ᠎ᠡ ᠃ ᠡᠨᠡ ᠦᠶ᠎ᠡ ᠳ᠋ᠤ ᠦᠯᠦᠰᠭᠦᠯᠡᠩ ᠶᠠᠪᠤᠭᠰᠠᠨ ᠴᠢᠨᠦ᠎ᠠ  ᠶᠢᠨ ᠰᠦᠷᠦᠭ ᠦᠩᠭᠡᠯᠵᠡᠨ ᠢᠷᠡᠵᠦ ᠂ ᠠᠪᠤ  ᠬᠡᠤᠬᠡᠨ ᠬᠤᠶᠠᠭᠤᠯᠠ ᠶᠢ ᠪᠦᠰᠡᠯᠡᠨ ᠠᠪᠤᠪᠠ ᠃ ᠪᠢᠴᠢᠬᠠᠨ ᠦᠬᠢᠨ ᠠᠭᠤᠯᠠ ᠬᠠᠳᠠ ᠰᠢᠭ ᠰᠠᠨᠠᠬᠳᠠᠳᠠᠭ ᠠᠪᠤ  ᠶᠢᠨ ᠢᠶᠠᠨ ᠡᠯᠢᠭᠡᠨ ᠳ᠋ᠤ ᠨᠠᠭᠠᠯᠳᠤᠵᠤ ᠬᠦᠳᠡᠯᠦᠯ ᠦᠭᠡᠢ ᠵᠤᠬᠰᠤᠬᠤ ᠳ᠋ᠤ ᠠᠪᠤ ᠨᠢ ᠮᠦᠷᠦᠨ ‍ᠳ᠋ᠡᠭᠡᠨ ᠡᠭᠦᠷᠦᠭᠰᠡᠨ ᠮᠤᠷᠢᠨ ᠬᠤᠭᠤᠷ ᠢᠶᠠᠨ ᠪᠠᠭᠤᠯᠭᠠᠨ ᠠᠶᠠᠷ ᠠᠶᠠᠷ ᠬᠦᠭᠵᠢᠮᠳᠡᠵᠦ ᠂ ᠬᠡᠤᠬᠡᠨ ᠢᠶᠠᠷ ᠢᠶᠠᠨ《 ᠰᠠᠷᠠᠭᠤᠯ ᠲᠠᠯ᠎ᠠ 》ᠭᠡᠬᠦ  ᠤᠷᠳᠤ ᠶᠢᠨ ᠲᠠᠭᠤᠤ ᠶᠢ ᠲᠠᠭᠤᠯᠠᠭᠤᠯᠪᠠ ᠃

       ᠡᠨᠡᠬᠦ ᠮᠦᠴᠡ ᠳ᠋ᠤ ᠪᠢᠴᠢᠬᠠᠨ ᠦᠬᠢᠨ ᠬᠠᠵᠠᠭᠤᠳᠡᠭᠢ ᠠᠶᠤᠯ ᠲᠦᠭᠰᠢᠭᠦᠷᠢ ᠶᠢ ᠠᠭᠠᠵᠢᠮ ᠢᠶᠠᠷ ᠮᠠᠷᠳᠠᠬᠰᠠᠨ ᠲᠡᠳᠦᠢ ᠦᠭᠡᠢ ᠂ ᠲᠡᠭᠦᠨ ᠤ ᠤᠶᠠᠬᠠᠨ ᠵᠦᠭᠡᠯᠡᠨ ᠤᠶᠠᠩᠭ᠎ᠠ ᠡᠭᠡᠰᠢᠭ ᠠᠭᠤᠳᠠᠮ ᠲᠠᠯ᠎ᠠ ᠶᠢ ᠪᠦᠷᠬᠦᠨ ᠬᠤᠯᠠ ᠶᠢᠨ ᠬᠤᠯᠠ ᠬᠦᠷᠳᠡᠯ᠎ᠡ ᠴᠤᠤᠷᠢᠶᠠᠳᠤᠬᠤ ᠳ᠋ᠤ ᠬᠡᠳᠡᠷ ᠲᠤᠬᠰᠢᠨ ᠠᠮᠢᠳᠠᠨ ᠤ ᠶᠠᠮᠠᠷ ᠨᠢᠭᠡᠨ ᠲᠦᠷᠦᠯᠬᠢ ᠶᠢᠨ ᠴᠢᠨᠠᠷ ᠨᠢ ᠬᠦᠨᠳᠡᠭᠳᠡᠨ ᠵᠦᠭᠡᠯᠡᠷᠡᠭᠰᠡᠨ ᠪᠤᠯᠤᠯᠳᠠᠢ ᠂ ᠴᠢᠨᠦ᠎ᠠ ᠶᠢᠨ ᠰᠦᠷᠦᠭ ᠰᠦᠷ ᠮᠠᠨᠳᠤᠭᠤᠯᠤᠨ ᠪᠠᠢᠢᠬᠰᠠᠨ ᠢᠶᠠᠨ ᠤᠷᠤᠨ ᠲᠡᠭᠡᠷ᠎ᠡ ᠪᠠᠨ ᠬᠡᠪᠳᠡᠴᠢᠭᠡᠵᠦ ᠂ ᠭᠡᠵᠢᠶ᠎ᠡ ᠰᠡᠭᠦᠯᠡᠷ ᠨᠢ ᠪᠦᠷ ᠠᠭᠠᠵᠢᠮ ᠠᠭᠠᠵᠢᠮ ᠢᠶᠠᠷ ᠶᠠᠪᠤᠵᠤ ᠤᠳᠴᠠᠢ ᠃

       ᠰᠡᠭᠦᠯᠡᠷ ᠨᠢ ᠡᠨᠡ ᠵᠢᠭᠠᠯ ᠭᠡᠤᠬᠡᠨ1955 ᠤᠨ ᠳ᠋ᠤ ᠪᠤᠯᠤᠬᠰᠠᠨ ᠲᠡᠯᠡᠬᠡᠢ ᠶᠢᠨ ᠵᠠᠯᠠᠭᠤᠴᠤᠳ ᠤᠨ ᠶᠡᠬᠡ ᠨᠠᠢᠢᠷ ᠲᠡᠭᠡᠷ᠎ᠡ 《 ᠨᠠᠷᠢᠬᠠᠨ ᠬᠠᠯᠢᠭᠤᠨ 》᠂《 ᠰᠠᠷᠠᠭᠤᠯ ᠲᠠᠯ᠎ᠠ 》ᠪᠠᠨ ᠲᠠᠭᠤᠯᠠᠵᠤ ᠂ ᠠᠯᠳᠠᠨ ᠮᠸᠳᠠᠯ ᠢᠶᠠᠷ ᠱᠠᠩᠨᠠᠭᠤᠯᠤᠬᠰᠠᠨ ᠶᠤᠮ ᠃ ᠡᠨᠡ ᠪᠤᠯ ᠲᠠᠷᠤᠢ ᠠᠯᠳᠠᠷᠳᠤ ᠲᠠᠭᠤᠴᠢᠨ ᠪᠤᠶᠠᠨᠳᠡᠯᠭᠡᠷ ᠤᠨ ᠦᠯᠢᠭᠡᠷ ᠪᠢᠰᠢ ᠦᠨᠡᠨ ᠤᠴᠠᠷᠠᠯ ᠤᠳ ᠪᠢᠯᠡ ᠃ ᠮᠤᠩᠭᠤᠯ ᠤᠷᠳᠤ ᠶᠢᠨ ᠲᠠᠭᠤᠤ ᠲᠡᠷᠡ ᠦᠶ᠎ᠡ  ᠠᠴᠠ ᠲᠡᠯᠡᠬᠡᠢ ‍ᠳ᠋ᠠᠬᠢᠨ ᠳ᠋ᠤ ᠨᠡᠩᠳᠡ ᠮᠠᠨᠳᠤᠵᠤ ᠂ ᠮᠤᠩᠭᠤᠯ ᠤᠷᠠᠯᠢᠭ ᠪᠤᠯᠤᠨ ᠲᠡᠯᠡᠬᠡᠢ ᠶᠢᠨ ᠲᠠᠪᠴᠠᠩ ᠢ ᠪᠠᠳᠤ ᠬᠤᠯᠪᠤᠬᠰᠠᠨ ᠶᠤᠮ ᠃ ᠪᠠᠷᠭᠤ ᠤᠷᠳᠤ ᠶᠢᠨ ᠲᠠᠭᠤᠤ ᠂ ᠮᠤᠩᠭᠤᠯ ᠤᠷᠳᠤ ᠶᠢᠨ ᠲᠠᠭᠤᠤ  ᠶᠢᠨ ᠬᠦᠭᠵᠢᠯ ᠲᠠᠪᠰᠢᠯᠳᠠ ᠭᠡᠮᠡᠨ ᠠᠮᠠ ᠨᠡᠭᠡᠭᠡᠨ ᠶᠠᠷᠢᠬᠤ ᠪᠦᠷᠢ ᠬᠦᠮᠦᠰ ᠤᠨ ᠶᠠᠷᠢᠶᠠᠨ ᠳ᠋ᠤ ᠪᠤᠶᠠᠨᠳᠡᠯᠭᠡᠷ ᠵᠠᠪᠠᠯ ᠨᠢᠭᠡ ᠲᠤᠷᠠᠳᠤᠭᠳᠠᠬᠤ ᠨᠢ ᠵᠢᠮ᠎ᠡ ᠪᠢᠰᠢ ᠵᠠᠩᠰᠢᠯ  ᠪᠤᠯᠴᠢᠬᠠᠵᠠᠢ ᠃

                                 ᠢᠷᠡᠯᠲᠡ ᠄ ᠠᠷᠠᠳ ᠤᠨ ᠰᠦᠯᠵᠢᠶ᠎ᠡ

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄