ᠵᠤᠯ ᠵᠢᠷᠭᠠᠯᠳᠤ ᠭᠡᠷ ᠪᠦᠯᠢ ᠵᠢ ᠬᠡᠷᠭᠢᠨ ᠡᠵᠡᠩᠨᠡᠬᠦ ᠪᠤᠢ

ᠤᠩᠰᠢᠭᠰᠠᠨ ᠤᠳᠠᠭ᠎ᠠ ᠄ 1371    ᠨᠡᠶᠢᠳᠡᠯᠡᠭᠰᠡᠨ ᠴᠠᠭ ᠄ 2015-10-15

       1. ᠤᠶᠢᠯᠠᠭᠠᠯᠴᠠᠭ᠎ᠠ ᠄ ᠪᠠᠷᠰ ᠪᠤᠯᠤᠨ ᠠᠷᠰᠯᠠᠨ ᠰᠢᠷᠦᠭᠦᠨ ᠲᠡᠮᠡᠴᠡᠯᠳᠦᠭᠡᠨ ᠡᠭᠦᠰᠴᠤ ᠂ ᠡᠴᠦᠰ ᠲᠡᠭᠡᠨ ᠬᠤᠶᠠᠭᠤᠯᠠ ᠪᠠᠨ ᠰᠢᠷᠬᠠᠳᠤᠨ ᠢᠯᠠᠭᠳᠠᠪᠠ ᠃ ᠠᠷᠰᠯᠠᠨ ᠠᠮᠢᠰᠬᠤᠭ᠎ᠠ ᠲᠠᠰᠤᠷᠠᠬᠤ ᠵᠢᠨ ᠵᠢᠡᠨ ᠡᠮᠦᠨ᠎ᠡ ᠪᠠᠷᠰ ᠲᠤ ᠄ 《 ᠬᠡᠷᠪᠡ ᠴᠢ ᠵᠠᠪᠠᠯ ᠮᠢᠨᠦ ᠡᠷᠭᠡᠰᠢᠶᠡᠯ ᠤᠨ ᠭᠠᠵᠠᠷ  ᠢ ᠪᠤᠯᠢᠶᠠᠬᠤ ᠭᠡᠰᠡᠨ ᠦᠭᠡᠢ ᠪᠤᠯ ᠤᠳᠤ ᠵᠢᠨ ᠡᠶᠢᠮᠦ ᠪᠠᠶᠢᠳᠠᠯ ᠲᠠᠢ ᠪᠤᠯᠤᠨ᠎ᠠ ‍ᠣᠣ ‍ᠳ᠋ᠠ 》ᠭᠡᠰᠡᠨ ᠳ᠋ᠤ ᠪᠠᠷᠰ ᠰᠤᠴᠢᠨ ᠭᠠᠶᠢᠬᠠᠵᠤ ᠄《 ᠪᠢ ᠶᠡᠷᠦ  ᠠᠴᠠ ᠪᠠᠨ ᠴᠢᠨᠦ ᠡᠷᠭᠡᠰᠢᠶᠡᠯ ᠤᠨ ᠭᠠᠵᠠᠷ ᠢ ᠪᠤᠯᠢᠶᠠᠶ᠎ᠠ ᠭᠡᠵᠤ ᠪᠤᠳᠤᠭ᠎ᠠ ᠦᠭᠡᠢ᠃ ᠪᠢ ᠬᠠᠷᠢᠨ ᠴᠢᠮᠠᠢᠢ ᠲᠠᠩᠳᠠ ᠨᠠᠮᠠᠢᠢ ᠲᠦᠷᠢᠮᠡᠭᠡᠶᠢᠯᠡᠬᠦ ᠭᠡᠵᠤ ᠪᠠᠶᠢᠨ᠎ᠠ ᠭᠡᠵᠤ ᠪᠤᠳᠤᠳᠠᠭ 》ᠭᠡᠪᠡ ᠃ ᠦᠵᠡᠯᠳᠡ ᠄ ᠬᠠᠷᠢᠯᠴᠠᠨ ᠤᠶᠢᠯᠠᠭᠠᠯᠴᠠᠬᠤ ᠡᠰᠡᠬᠦ ᠨᠢ ᠨᠢᠭᠡᠨ ᠬᠡᠷ ᠪᠦᠯᠢ ᠵᠢᠨ ᠠᠵᠠ ᠵᠢᠷᠭᠠᠯ ᠲᠠᠢ ᠡᠰᠡᠬᠦ ᠲᠠᠢ ᠨᠢᠭᠳᠠ ᠬᠤᠯᠪᠤᠭ᠎ᠠ ᠲᠠᠢ ᠃ ᠶᠠᠮᠠᠷ ᠰᠠᠨᠠᠯ ᠪᠤᠳᠤᠯ ᠪᠠᠶᠢᠭᠰᠠᠨ ᠴᠦ ᠦᠪᠡᠷᠳᠡᠭᠡᠨ ᠪᠤᠳᠤᠭᠠᠳ ᠪᠠᠶᠢᠵᠤ ᠪᠤᠯᠬᠤ ᠦᠭᠡᠢ ᠃ ᠭᠡᠷ ᠤᠨ ᠬᠦᠮᠦᠰ ᠲᠠᠢ ᠪᠠᠨ ᠢᠯᠡᠭᠦᠭᠡᠨ ᠬᠠᠷᠢᠯᠴᠠᠵᠤ ᠂ ᠰᠠᠨᠠᠯ ᠪᠤᠳᠤᠯ ᠵᠢᠡᠨ ᠶᠠᠷᠢᠯᠴᠠᠵᠤ ᠂ ᠭᠡᠷ ᠤᠨ ᠬᠦᠮᠦᠰ ᠲᠡᠭᠡᠨ ᠦᠪᠡᠷ  ᠢ ᠪᠠᠨ ᠪᠠᠰᠠ ᠤᠶᠢᠯᠠᠭᠠᠭᠤᠯᠵᠤ ᠦᠭᠭᠦ ᠨᠢ ᠴᠢᠬᠤᠯᠠ ᠃《 ᠴᠠᠭᠠᠰᠤ ᠬᠡᠳᠦᠢ ᠨᠢᠮᠭᠡᠨ ᠴᠦ ᠴᠢᠴᠢᠬᠦ ᠦᠭᠡᠢ ᠪᠤᠯ ᠴᠤᠭᠤᠷᠠᠬᠤ ᠦᠭᠡᠢ ᠂ ᠬᠦᠮᠦᠨ ᠬᠡᠳᠦᠢ ᠮᠡᠷᠭᠡᠨ ᠬᠡᠯ᠎ᠡ ᠴᠦ ᠬᠡᠯᠡᠬᠦ ᠦᠭᠡᠢ ᠪᠤᠯ ᠮᠡᠳᠡᠬᠦ ᠦᠭᠡᠢ 》ᠭᠡᠳᠡᠭᠴᠢᠯᠡᠨ ᠭᠡᠷ ᠤᠨ ᠬᠦᠮᠦᠰ ᠬᠤᠭᠤᠷᠤᠨᠳᠤ ᠪᠠᠨ ᠨᠢᠭᠡ ᠨᠢᠭᠡᠨ ᠤ ᠪᠠᠨ ᠲᠤᠳᠤᠭᠠᠳᠤ ᠰᠡᠳᠬᠢᠯ  ᠢ ᠢᠯᠡᠭᠦᠭᠡᠨ ᠤᠶᠢᠯᠠᠭᠠᠵᠤ ᠪᠠᠶᠢᠪᠠᠯ ᠰᠠᠶ᠋ᠢ ᠡᠨᠳᠡᠭᠦᠷᠡᠯ ᠪᠠ ᠵᠦᠷᠢᠴᠡᠯᠳᠦᠭᠡᠨ  ᠢ ᠦᠭᠡᠶᠢᠰᠬᠡᠵᠤ ᠴᠢᠳᠠᠨ᠎ᠠ᠃ 

       2. ᠢᠳᠡᠭᠡᠯ ᠄ ᠬᠤᠶᠠᠷ ᠰᠢᠪᠠᠭᠤ ᠬᠠᠮᠳᠤ ᠳ᠋ᠠᠭᠠᠨ ᠠᠮᠢᠳᠤᠷᠠᠳᠠᠭ ᠶᠤᠮ ᠪᠠᠶᠢᠨ᠎ᠠ ᠃ ᠡᠷᠡᠭᠴᠢᠨ ᠰᠢᠪᠠᠭᠤ ᠨᠢ ᠨᠢᠭᠡ ᠲᠦᠭᠦᠷᠡᠩ ᠡᠭᠦᠷ ᠵᠢᠮᠢᠰ ᠤᠨ ᠦᠷ᠎ᠡ ᠲᠡᠭᠦᠵᠤ ᠡᠮᠡᠭᠴᠢᠨ ᠰᠢᠪᠠᠭᠤ ᠪᠠᠷ ᠵᠢᠡᠨ ᠬᠠᠳᠠᠭᠠᠯᠠᠭᠤᠯᠵᠠᠢ ᠃ ᠠᠭᠤᠷ ᠠᠮᠢᠰᠬᠤᠯ ᠭᠠᠩ ᠬᠠᠭᠤᠷᠠᠢ  ᠠᠴᠠ ᠪᠤᠯᠵᠤ ᠵᠢᠮᠢᠰ ᠤᠨ ᠦᠷ᠎ᠡ ᠨᠢ ᠤᠰᠤ ᠪᠠᠨ ᠠᠯᠳᠠᠵᠤ ᠂ ᠦᠵᠡᠬᠦ ᠳ᠋ᠤ ᠤᠤᠯ ᠤᠨ ᠬᠢ  ᠠᠴᠠ ᠪᠠᠨ ᠬᠠᠭᠠᠰ ᠪᠠᠭᠠᠰᠴᠠᠢ ᠃ ᠡᠷᠡᠭᠴᠢᠨ ᠰᠢᠪᠠᠭᠤ ᠨᠢ ᠡᠮᠡᠭᠴᠢᠨ ᠰᠢᠪᠠᠭᠤ ᠵᠢ ᠢᠳᠡᠴᠢᠭᠡᠵᠡᠢ ᠭᠡᠵᠤ ᠰᠡᠵᠢᠭᠯᠡᠭᠡᠳ ᠲᠡᠭᠦᠨ  ᠢ ᠲᠤᠩᠰᠢᠵᠤ ᠠᠯᠠᠪᠠ ᠃ ᠬᠡᠳᠦᠨ ᠡᠳᠦᠷ ᠤᠨ ᠬᠢᠨᠢ ᠲᠠᠷᠠᠭ᠎ᠠ ᠶᠡᠬᠡ ᠪᠤᠷᠤᠭᠠᠨ ᠤᠷᠤᠵᠤ ᠠᠭᠤᠷ ᠠᠮᠢᠰᠬᠤᠯ ᠨᠤᠶᠢᠳᠠᠨ ᠴᠢᠬᠢᠭᠯᠢᠭ᠋ ᠪᠤᠯᠤᠭᠰᠠᠨ  ᠠᠴᠠ ᠵᠢᠮᠢᠰ ᠤᠨ ᠦᠷ᠎ᠡ ᠦᠰᠴᠤ ᠤᠤᠯ ᠤᠨ ᠬᠡᠪ ᠲᠡᠭᠡᠨ ᠤᠷᠤᠪᠠ ᠃ ᠡᠨᠡ ᠦᠶ᠎ᠡ ᠳ᠋ᠤ ᠡᠷᠡᠭᠴᠢᠨ ᠰᠢᠪᠠᠭᠤ ᠰᠠᠶ᠋ᠢ ᠤᠬᠠᠭᠠᠷᠠᠵᠤ ᠲᠤᠶᠢᠯ ᠤᠨ ᠶᠡᠬᠡ ᠪᠠᠷ ᠬᠠᠷᠠᠮᠰᠠᠪᠠ ᠃ ᠦᠵᠡᠯᠳᠡ ᠄ ᠭᠡᠷ ᠪᠦᠯᠢ ᠵᠢᠨ ᠪᠦᠷᠢᠯᠳᠦᠭᠦᠨ ᠬᠦᠮᠦᠰ ᠬᠤᠭᠤᠷᠤᠨᠳᠤ ᠪᠠᠨ ᠬᠠᠷᠢᠯᠴᠠᠨ ᠢᠳᠡᠭᠡᠬᠦ ᠬᠡᠷᠡᠭᠳᠡᠢ ᠃ ᠤᠯᠠᠩᠬᠢ ᠠᠵᠠ ᠵᠢᠷᠭᠠᠯᠳᠤ ᠭᠡᠷ ᠪᠦᠯᠢ ᠨᠢ ᠰᠡᠵᠢᠭ ᠲᠠᠭᠠᠪᠤᠷᠢ ᠂ ᠬᠠᠷᠢᠯᠴᠠᠨ ᠢᠳᠡᠭᠡᠬᠦ ᠦᠭᠡᠢ  ᠠᠴᠠ ᠪᠤᠯᠵᠤ ᠡᠪᠳᠡᠷᠡᠳᠡᠭ ᠃ ᠲᠡᠶᠢᠮᠦ  ᠠᠴᠠ ᠵᠤᠯ ᠵᠢᠷᠭᠠᠯᠳᠤ ᠭᠡᠷ ᠪᠦᠯᠢ ᠵᠢᠨ ᠡᠭᠢ ᠤᠨᠳᠤᠷᠤᠯ ᠨᠢ ᠬᠡᠷ ᠤᠨ ᠬᠦᠮᠦᠰ ᠤᠨ ᠬᠦᠨᠳᠦᠳᠭᠡᠯ ᠂ ᠢᠳᠡᠭᠡᠯ ᠪᠤᠯᠤᠨ᠎ᠠ᠃ 

       3. ᠬᠢᠴᠢᠶᠡᠩᠬᠦᠢ ᠄ ᠮᠤᠳᠤᠨ ᠲᠡᠭᠡᠷᠡᠬᠢ ᠬᠤᠶᠠᠷ ᠬᠡᠷᠢᠶ᠎ᠡ ᠬᠡᠨᠡᠳᠳᠡ ᠬᠡᠷᠡᠯᠳᠦᠪᠡ ᠃ ᠬᠡᠷᠡᠯᠳᠦᠬᠦ ᠲᠤᠳᠤᠮ ᠰᠢᠷᠦᠭᠦᠰᠴᠤ ᠂ ᠨᠢᠭᠡ ᠬᠡᠷᠢᠶ᠎ᠡ ᠨᠢ ᠭᠠᠷ ᠤᠨ ᠠᠶ᠎ᠠ ᠪᠠᠷ ᠨᠢᠭᠡ ᠶᠠᠭᠤᠮ᠎ᠠ ᠰᠢᠭᠦᠷᠡᠨ ᠠᠪᠴᠤ ᠨᠦᠬᠦᠭᠡ ᠬᠡᠷᠢᠶ᠎ᠡ ᠵᠦᠭ ᠰᠢᠳᠡᠪᠡ ᠃ ᠲᠡᠷᠡ ᠰᠢᠳᠡᠭᠰᠡᠨ ᠶᠠᠭᠤᠮ᠎ᠠ ᠨᠢ ᠨᠦᠬᠦᠭᠡ ᠬᠡᠷᠢᠶ᠎ᠡ ᠵᠢ ᠤᠨᠤᠬᠤ ᠳ᠋ᠠᠭᠠᠨ ᠰᠦᠢᠷᠡᠨ ᠬᠠᠭᠠᠷᠠᠪᠠ ᠃ ᠡᠨᠡ ᠦᠶ᠎ᠡ ᠳ᠋ᠤ ᠰᠠᠶ᠋ᠢ ᠦᠪᠡᠷ ᠤᠨ ᠵᠢᠡᠨ ᠬᠠᠷᠠᠬᠠᠨ ᠨᠡᠪᠴᠢᠬᠡᠳᠦᠢ ᠦᠨᠳᠡᠭᠡ ᠪᠠᠨ ᠰᠢᠳᠡᠭᠰᠡᠨ ᠵᠢᠡᠨ ᠤᠬᠠᠭᠠᠷᠠᠪᠠ ᠃ ᠦᠵᠡᠯᠳᠡ ᠄ ᠭᠡᠷ ᠪᠦᠯᠢ ᠪᠤᠯ ᠦᠶᠦᠭ ᠲᠤᠯᠠᠭᠠᠨ ᠪᠠᠭᠤᠴᠠ ᠪᠠᠶᠢᠵᠤ ᠲᠠᠭᠠᠷᠠᠨ᠎ᠠ ᠃ ᠬᠡᠷᠡᠭ ᠶᠠᠪᠤᠳᠠᠯ ᠳ᠋ᠤ ᠲᠦᠯᠭᠡᠨ ᠲᠠᠶᠢᠪᠤᠭᠤ ᠬᠠᠨᠳᠤᠵᠤ ᠂ ᠢᠯᠠᠩᠭᠤᠶ᠎ᠠ ᠠᠰᠠᠭᠤᠳᠠᠯ ᠪᠠ ᠵᠦᠷᠢᠴᠡᠯ ᠲᠤᠯᠭᠠᠷᠠᠬᠤ ᠦᠶᠡᠰ ᠂ ᠲᠤᠭᠳᠤᠯᠵᠤ ᠰᠠᠮᠭᠠᠷᠳᠠᠬᠤ ᠦᠭᠡᠢ ᠂ ᠤᠶᠤᠨᠴᠢ ᠤᠬᠠᠭᠠᠨ ᠲᠠᠢ ᠪᠠᠶᠢᠵᠤ ᠂ ᠶᠠᠪᠤᠳᠠᠯ ᠤᠴᠢᠷ ᠵᠢᠡᠨ ᠰᠢᠢᠳᠪᠦᠷᠢᠯᠡᠬᠦ ᠪᠠᠷ ᠴᠢᠷᠮᠠᠶᠢᠬᠤ ᠬᠡᠷᠡᠭᠳᠡᠢ ᠃ ᠠᠭᠤᠷᠯᠠᠵᠤ ᠲᠤᠭᠳᠤᠯᠵᠤ ᠂ ᠬᠡᠷᠡᠯᠳᠦᠵᠤ ᠰᠠᠮᠠᠭᠠᠷᠳᠠᠭᠰᠠᠨ ᠬᠦᠮᠦᠨ ᠂ ᠪᠤᠰᠤᠳ ᠤᠨ ᠨᠢᠳᠦᠨ ᠳ᠋ᠤ ᠭᠠᠯᠵᠠᠭᠤ ᠰᠠᠷᠮᠠᠭᠴᠢᠨ ᠬᠡᠷᠡᠯᠳᠦᠵᠤ ᠴᠤᠬᠢᠯᠳᠤᠭᠰᠠᠨ ᠰᠢᠭ ᠮᠠᠭᠤᠬᠠᠢ ᠬᠠᠷᠠᠭᠳᠠᠳᠠᠭ ᠭᠡᠰᠡᠨ ᠡ ᠃ ᠲᠡᠶᠢᠮᠦ ᠪᠠᠷ ᠬᠢᠯᠢᠩ ᠪᠠᠭᠳᠠᠷᠠᠯ ᠂ ᠠᠭᠤᠷ ᠤᠴᠠᠭᠠᠷ ᠤᠨ ᠭᠠᠢ ᠪᠠᠷ ᠤᠴᠢᠷ ᠶᠠᠪᠤᠳᠠᠯ ᠵᠢᠡᠨ ᠰᠢᠢᠳᠪᠦᠷᠢᠯᠡᠵᠤ ᠴᠢᠳᠠᠬᠤ ᠦᠭᠡᠢ ᠪᠠᠷ ᠪᠠᠷᠠᠬᠤ ᠦᠭᠡᠢ ᠂ ᠡᠰᠡᠷᠬᠦ ᠦᠢᠯᠡᠳᠦᠯ ᠦᠵᠡᠭᠦᠯᠵᠤ ᠵᠤᠯ ᠵᠢᠷᠭᠠᠯᠳᠤ ᠪᠦᠯᠢ ᠳ᠋ᠤ ᠴᠢᠨᠢ ᠵᠢᠪᠠᠷ ᠰᠠᠯᠬᠢ ᠰᠢᠭ ᠮᠠᠭᠤ ᠮᠠᠭᠤᠬᠠᠢ ᠵᠦᠢᠯ ᠵᠠᠪᠰᠠᠷᠯᠠᠭᠳᠠᠳᠠᠭ ᠃ ᠬᠢᠴᠢᠶᠡᠩᠭᠦᠢ ᠲᠦᠯᠭᠡᠭᠡᠨ ᠪᠠᠶᠢᠵᠤ ᠂ ᠬᠢᠨᠠᠮᠠᠭᠠᠢ ᠠᠵᠢᠭᠯᠠᠨ ᠰᠡᠳᠬᠢᠵᠤ ᠤᠴᠢᠷ ᠶᠠᠪᠤᠳᠠᠯ ᠵᠢᠡᠨ ᠰᠢᠢᠳᠪᠦᠷᠢᠯᠡᠭᠡᠷᠡᠢ᠃ 

       4. ᠤᠷᠤᠨ  ᠢᠶᠠᠨ ᠰᠤᠯᠢᠵᠤ ᠰᠡᠳᠬᠢᠬᠦ  ᠄ ᠪᠢᠴᠢᠬᠠᠨ ᠬᠤᠷᠠᠭ᠎ᠠ ᠂ ᠪᠢᠴᠢᠬᠠᠨ ᠬᠦᠯᠦᠭᠡ ᠵᠢ ᠬᠤᠭᠤᠯᠠᠨ ᠳ᠋ᠤ ᠤᠷᠢᠵᠤ ᠲᠠᠶᠢᠯᠠᠪᠠ ᠃ ᠨᠢᠭᠡ ᠰᠢᠷᠡᠭᠡ ᠰᠢᠨ᠎ᠡ ᠰᠤᠷᠭᠤᠭ ᠨᠤᠭᠤᠭᠠᠨ᠋ ᠡᠪᠡᠰᠦ ᠭᠠᠷᠭᠠᠪᠠ ᠃ ᠪᠢᠴᠢᠬᠠᠨ ᠬᠦᠯᠦᠭᠡ ᠪᠡᠶ᠎ᠡ ᠪᠠᠨ ᠠᠯᠪᠠᠳᠠᠨ ᠬᠤᠶᠠᠷᠬᠠᠨ ᠡᠮᠭᠦᠭᠡᠳ ᠯᠠ ᠢᠳᠡᠵᠤ ᠤᠷᠤᠬᠤ ᠦᠭᠡᠢ ᠪᠤᠯᠪᠠ ᠃ ᠬᠡᠳᠦᠨ ᠡᠳᠦᠷ ᠤᠨ ᠬᠢᠨᠢ ᠲᠠᠷᠠᠭ᠎ᠠ ᠪᠢᠴᠢᠬᠠᠨ ᠬᠦᠯᠦᠭᠡ ᠂ ᠪᠢᠴᠢᠬᠠᠨ ᠬᠤᠷᠠᠭ᠎ᠠ ᠵᠢ ᠬᠤᠭᠤᠯᠠᠨ ᠳ᠋ᠤ ᠵᠠᠯᠠᠪᠠ ᠃ ᠪᠢᠴᠢᠬᠠᠨ ᠬᠦᠯᠦᠭᠡ ᠲᠤᠳᠤᠷ᠎ᠠ ᠪᠠᠨ ᠄ 《 ᠪᠢ ᠪᠢᠴᠢᠬᠠᠨ ᠬᠤᠷᠠᠭ᠎ᠠ ᠰᠢᠭ ᠲᠡᠶᠢᠮᠦ ᠬᠤᠪᠢᠨᠴᠢᠷ ᠠᠭᠠᠰᠢᠯᠠᠬᠤ ᠦᠭᠡᠢ ᠂ ᠯᠠᠪ ᠡᠯᠪᠡᠭ ᠲᠡᠯᠪᠡᠭ ᠦᠩᠬᠡ ᠲᠠᠢ ᠰᠠᠶᠢᠬᠠᠨ ᠲᠠᠶᠢᠯᠠᠶ᠎ᠠ》 ᠭᠡᠵᠤ ᠪᠤᠳᠤᠭᠠᠳ ᠰᠢᠷᠡᠭᠡ ᠲᠦᠭᠦᠷᠡᠩ ᠠᠮᠳᠠᠳᠤ ᠬᠠᠪᠢᠷᠭ᠎ᠠ ᠵᠢᠨ ᠮᠢᠬ᠎ᠠ ᠭᠠᠷᠭᠠᠪᠠ ᠃ ᠭᠡᠪᠡᠴᠤ ᠪᠢᠴᠢᠬᠠᠨ ᠬᠤᠷᠠᠭ᠎ᠠ ᠨᠢᠭᠡ ᠴᠦ ᠡᠮᠬᠦᠵᠤ ᠴᠢᠳᠠᠭᠰᠠᠨ ᠦᠭᠡᠢ ᠃ ᠦᠵᠡᠯᠳᠡ ᠄ ᠵᠠᠷᠢᠮ ᠦᠶ᠎ᠡ ᠳ᠋ᠤ ᠦᠷᠦᠭᠡᠯ ᠤᠨ ᠰᠠᠨᠠᠭ᠎ᠠ ᠦᠪᠡᠷ ᠲᠤ ᠦᠭᠡᠢ ᠃ ᠠᠯᠪᠠ ᠪᠠᠷ ᠦᠪᠡᠷ ᠤᠨ ᠦᠵᠡᠯ ᠪᠤᠳᠤᠯ ᠵᠢᠡᠨ ᠭᠡᠷ ᠤᠨ ᠵᠢᠡᠨ ᠬᠦᠮᠦᠰ ᠤᠨ ᠪᠡᠶ᠎ᠡ ᠲᠡᠭᠡᠷ᠎ᠡ ᠲᠤᠬᠤᠨ᠋ ᠦᠭᠴᠤ ᠪᠤᠯᠬᠤ ᠦᠭᠡᠢ ᠃ ᠠᠯᠢᠪᠠ ᠠᠰᠠᠭᠤᠳᠠᠯ ᠤᠨ ᠡᠮᠦᠨ᠎ᠡ ᠤᠷᠤᠨ ᠵᠢᠡᠨ ᠰᠤᠯᠢᠵᠤ ᠰᠡᠳᠬᠢᠵᠤ ᠦᠵᠡᠭᠡᠷᠡᠢ ᠃ ᠵᠤᠭᠰᠤᠴᠠ ᠪᠠᠨ ᠰᠤᠯᠢᠵᠤ ᠰᠡᠳᠬᠢᠬᠦ ᠦᠶᠡᠰ ᠨᠡᠩ ᠢᠯᠡᠭᠦᠦ ᠬᠡᠷ ᠤᠨ ᠬᠦᠮᠦᠰ ᠤᠨ  ᠢᠶᠠᠨ ᠦᠵᠡᠯ ᠪᠤᠳᠤᠯ ᠪᠠ ᠲᠤᠳᠤᠭᠠᠳᠤ ᠰᠡᠳᠬᠢᠯ  ᠢ ᠤᠶᠢᠯᠠᠭᠠᠵᠤ ᠴᠢᠳᠠᠨ᠎ᠠ ᠃ ᠬᠡᠳᠦᠶᠢᠪᠡᠷ ᠬᠦᠮᠦᠨ ᠤ ᠲᠤᠳᠤᠷ᠎ᠠ ᠬᠦᠮᠦᠨ ᠤᠷᠤᠵᠤ ᠴᠢᠳᠠᠬᠤ ᠦᠭᠡᠢ ᠴᠦ ᠲᠡᠭᠦᠨ ᠤ ᠵᠤᠭᠰᠤᠴᠠ  ᠠᠴᠠ ᠲᠤᠷᠰᠢᠨ ᠰᠡᠳᠬᠢᠵᠤ ᠦᠵᠡᠪᠡᠯ ᠲᠡᠭᠦᠨ ᠤ ᠰᠡᠳᠬᠢᠯ ᠳ᠋ᠤ ᠬᠦᠷᠬᠦ ᠳ᠋ᠤ ᠨᠡᠩ ᠤᠶᠢᠷᠠᠬᠠᠨ ᠪᠠᠶᠢᠳᠠᠭ  ᠢ ᠢᠯᠡᠭᠦᠦ ᠰᠠᠨᠠᠵᠤ ᠪᠠᠶᠢᠭᠠᠷᠠᠢ᠃

       5. ᠪᠠᠶᠠᠷ ᠪᠠᠶᠠᠰᠤᠯ ᠄ ᠪᠢᠴᠢᠬᠠᠨ ᠭᠠᠬᠠᠢ ᠵᠢᠨ ᠲᠤᠷᠤᠢ ᠦᠨᠳᠡᠭᠡᠨ ᠪᠤᠤᠪᠤ ᠬᠢᠬᠦ ᠵᠢ ᠰᠤᠷᠪᠠ ᠃ ᠭᠡᠪᠡᠴᠤ ᠲᠡᠭᠦᠨ ᠤ ᠬᠢᠵᠤ ᠭᠠᠷᠭᠠᠭᠰᠠᠨ ᠦᠨᠳᠡᠭᠡᠨ ᠪᠤᠤᠪᠤ ᠨᠢ ᠬᠡᠵᠢᠶᠡᠳᠡ ᠠᠮᠳᠠ ᠪᠠᠷ ᠠᠨᠠᠢ ᠪᠠᠶᠢᠳᠠᠭ ᠃ ᠲᠡᠭᠡᠭᠡᠳ ᠡᠷᠡᠭᠴᠢᠨ ᠲᠠᠬᠢᠶ᠎ᠠ ᠪᠠᠭᠰᠢ  ᠠᠴᠠ ᠪᠠᠨ ᠠᠰᠠᠭᠤᠪᠠ ᠃ ᠡᠷᠡᠭᠴᠢᠨ ᠲᠠᠬᠢᠶ᠎ᠠ ᠲᠡᠭᠦᠨ  ᠠᠴᠠ ᠶᠠᠮᠠᠷ ᠡᠬᠢ ᠮᠠᠲ᠋ᠸᠷᠢᠶᠠᠯ  ᠢᠶᠠᠷ ᠦᠨᠳᠡᠭᠡᠨ ᠪᠤᠤᠪᠤ ᠬᠢᠵᠤ ᠪᠠᠶᠢᠬᠤ ᠵᠢ ᠨᠢ ᠰᠤᠷᠠᠪᠠ ᠃ ᠲᠡᠭᠡᠬᠦ ᠳ᠋ᠤ ᠪᠢᠴᠢᠬᠠᠨ ᠭᠠᠬᠠᠢ ᠵᠢᠨ ᠲᠤᠷᠤᠢ ᠄《 ᠪᠦᠷᠢᠯᠭᠡᠬᠦ  ᠠᠴᠠ ᠪᠠᠨ ᠠᠶᠤᠭᠠᠳ ᠵᠦᠪᠬᠡᠨ ᠡᠪᠳᠡᠷᠡᠵᠤ ᠬᠠᠶᠠᠬᠤ ᠤᠶᠢᠷᠠᠳᠤᠭᠰᠠᠨ ᠲᠠᠬᠢᠶᠠᠨ ᠦᠨᠳᠡᠭᠡ ᠪᠠᠷ ᠯᠠ ᠬᠢᠳᠡᠭ 》ᠭᠡᠪᠡ ᠃ ᠡᠷᠡᠭᠴᠢᠨ ᠲᠠᠬᠢᠶ᠎ᠠ ᠪᠠᠭᠰᠢ ᠪᠢᠴᠢᠬᠠᠨ ᠭᠠᠬᠠᠢ ᠵᠢᠨ ᠲᠤᠷᠤᠢ ᠳ᠋ᠤ ᠄《 ᠵᠦᠪᠬᠡᠨ ᠰᠠᠶᠢᠨ ᠡᠭᠢ ᠮᠠᠲ᠋ᠸᠷᠢᠶᠠᠯ ᠵᠢᠡᠷ ᠰᠠᠶ᠋ᠢ ᠠᠮᠳᠠᠳᠤ ᠰᠠᠶᠢᠬᠠᠨ ᠦᠨᠳᠡᠭᠡᠨ ᠪᠤᠤᠪᠤ ᠬᠢᠵᠤ ᠲᠡᠶᠢᠯᠳᠡᠭ  ᠢ ᠴᠡᠭᠡᠵᠢᠯᠡᠭᠡᠷᠡᠢ 》ᠭᠡᠪᠡ ᠃ ᠦᠵᠡᠯᠳᠡ ᠄ ᠲᠡᠶᠢᠮᠦ ᠡ ᠂ ᠵᠦᠪᠭᠡᠨ ᠰᠠᠶᠢᠨ ᠡᠭᠢ ᠮᠠᠲ᠋ᠸᠷᠢᠶᠠᠯ ᠵᠢᠡᠷ ᠯᠠ ᠰᠠᠶ᠋ᠢ ᠴᠢᠨᠠᠷᠯᠢᠭ ᠠᠮᠳᠠᠳᠠᠢ ᠰᠠᠶᠢᠬᠠᠨ ᠦᠨᠳᠡᠭᠡᠨ ᠪᠤᠤᠪᠤ ᠬᠢᠵᠤ ᠲᠡᠶᠢᠯᠳᠡᠭ ᠲᠠᠢ ᠠᠳᠠᠯᠢ ᠵᠦᠪᠭᠡᠨ ᠪᠠᠶᠠᠷ ᠪᠠᠶᠠᠰᠤᠯᠳᠤ ᠰᠡᠳᠬᠢᠯ ᠵᠢᠡᠷ ᠰᠠᠶ᠋ᠢ ᠵᠤᠯ ᠵᠢᠷᠭᠠᠯᠳᠤ ᠬᠡᠷ ᠪᠦᠯᠢ ᠵᠢ ᠴᠤᠭᠴᠠᠯᠠᠨ ᠪᠠᠶᠢᠭᠤᠯᠵᠤ ᠴᠢᠳᠠᠨ᠎ᠠ ᠃ ᠲᠡᠶᠢᠮᠦ  ᠠᠴᠠ ᠬᠡᠷ ᠤᠨ  ᠢᠶᠠᠨ ᠪᠤᠱᠤᠭ᠎ᠠ ᠵᠢ ᠠᠯᠬᠤᠬᠤ  ᠠᠴᠠ ᠡᠮᠦᠨ᠎ᠡ ᠭᠠᠳᠠᠨᠠᠬᠢ  ᠦᠩᠬᠡᠷᠡᠭᠦᠯᠦᠭᠰᠡᠨ ᠠᠭᠤᠷ ᠤᠴᠠᠭᠠᠷ ᠂ ᠬᠢᠯᠢᠩ ᠪᠠᠭᠳᠠᠷᠠᠯ ᠂ ᠮᠠᠭᠤ ᠮᠠᠭᠤᠬᠠᠢ ᠵᠦᠢᠯ ᠤᠳ  ᠢᠶᠠᠨ ᠲᠠᠶᠠᠭᠳᠠᠵᠤ ᠂ ᠢᠨᠢᠶᠡᠮᠰᠦᠭᠯᠡᠯ ᠂ ᠪᠠᠶᠠᠷ ᠪᠠᠶᠠᠰᠤᠯ ᠵᠢᠡᠨ ᠠᠪᠴᠤ ᠬᠠᠷᠢᠭᠠᠷᠠᠢ ᠃ ᠦᠶᠦᠭ ᠲᠠᠭᠠᠳᠠᠢ ᠂ ᠵᠤᠯ ᠵᠢᠷᠭᠠᠯᠳᠤ ᠬᠡᠷ ᠪᠦᠯᠢ ᠵᠢ ᠴᠤᠭᠴᠠᠯᠠᠨ ᠪᠠᠶᠢᠭᠤᠯᠬᠤ ᠳ᠋ᠤ ᠭᠡᠷ ᠪᠦᠯᠢ ᠵᠢᠨ ᠬᠦᠮᠦᠨ ᠪᠦᠬᠦᠳᠡ ᠢᠩᠬᠢᠵᠤ ᠬᠢᠵᠤ ᠴᠢᠳᠠᠪᠠᠯ ᠯᠠᠪᠳᠠᠢ ᠵᠤᠯ ᠵᠢᠷᠭᠠᠯ ᠲᠠᠢ ᠯᠠ ᠪᠠᠶᠢᠵᠤ ᠴᠢᠳᠠᠨ᠎ᠠ ᠭᠡᠳᠡᠭ ᠲᠦ ᠡᠷᠡᠭᠡᠯᠵᠡᠬᠦ ᠦᠭᠡᠢ ᠪᠠᠶᠢᠨ᠎ᠠ ᠃   

                                             ᠢᠷᠡᠯᠲᠡ ᠄ ᠬᠣᠯᠪᠣᠭ᠎ᠠ ᠰᠦᠯᠵᠢᠶ᠎ᠡ

 

ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄